ᠬᠤᠷᠴᠢᠨ ᠪᠠᠯᠭᠠᠰᠤᠨ ᠤ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018/11/28
    ᠬᠤᠷᠴᠢᠨ ᠪᠠᠯᠭᠠᠰᠤ ᠨᠢ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠳᠤᠮᠳᠠᠳᠤ ᠡᠮᠦᠨᠡᠭᠦᠷ ᠪᠠᠶᠢᠷᠢᠰᠢᠵᠤ᠂ ᠵᠠᠭᠦᠨ ᠲᠠᠯ᠎ᠠ ᠪᠠᠷ ᠢᠶᠠᠨ ᠤᠯᠠᠭᠠᠨᠬᠤᠲᠠ ᠲᠠᠢ ᠭᠤᠤᠯ ᠠᠯᠰᠤᠯᠠᠨ ᠪᠠᠷᠠᠭᠠᠯᠠᠨ᠂ ᠡᠮᠦᠨ᠎ᠡ ᠲᠠᠯ᠎ᠠ ᠪᠠᠷ  ᠢᠶᠠᠨ ᠬᠢᠷᠢᠨ ᠮᠤᠵᠢ ᠶᠢᠨ ᠲᠤᠤ ᠨᠠᠨ ᠬᠤᠲᠠ ᠶᠢᠨ  ᠬᠦᠷᠢᠶᠠᠲᠦ ᠰᠢᠶᠠᠩ ᠲᠠᠢ ᠬᠦᠷᠰᠢᠯᠡᠵᠤ᠂ ᠪᠠᠷᠠᠭᠤᠨ ᠲᠠᠯ᠎ᠠ ᠪᠠᠷ  ᠢᠶᠠᠨ ᠪᠤᠷᠭᠠᠰᠤᠲᠠᠢ ᠰᠢᠶᠠᠩ ᠲᠠᠢ ᠬᠢᠯᠢᠯᠡᠵᠤ᠂ ᠤᠮᠠᠷᠠᠲᠦ ᠲᠠᠯ᠎ᠠ ᠪᠠᠷ ᠢᠶᠠᠨ ᠭᠦᠢᠯᠡᠷ ᠪᠠᠯᠭᠠᠰᠤ ᠲᠠᠢ ᠵᠠᠯᠭᠠᠯᠳᠤᠵᠤ ᠪᠤᠢ᠃ ᠬᠤᠷᠴᠢᠨ ᠪᠠᠯᠭᠠᠰᠤ ᠪᠤᠯ ᠲᠠᠷᠢᠶᠠᠯᠠᠩ ᠢᠶᠠᠷ ᠭᠤᠤᠯᠯᠠᠵᠤ᠂ ᠲᠠᠷᠢᠶᠠᠯᠠᠩ ᠮᠠᠯ ᠠᠵᠤ ᠠᠬᠠᠢ ᠤᠶᠠᠯᠳᠤᠭᠰᠠᠨ᠂ ᠤᠯᠠᠨ ᠵᠦᠢᠯ ᠤᠨ ᠡᠵᠡᠩᠨᠡᠯᠲᠡ ᠶᠢᠨ ᠭᠡᠯᠪᠡᠷᠢ ᠵᠤᠬᠢᠴᠠᠩᠭᠤᠢ ᠪᠠᠷ ᠭᠦᠭᠵᠢᠭᠰᠡᠨ ᠬᠤᠲᠠ ᠶᠢᠨ ᠲᠡᠭᠦᠷᠭᠡ ᠶᠢᠨ ᠬᠡᠯᠪᠡᠷᠢᠲᠦ ᠠᠵᠤ ᠠᠬᠤᠢ ᠶᠢᠨ ᠪᠦᠰᠡ ᠪᠤᠯᠤᠨ᠎ᠠ᠃ ᠶᠡᠷᠦᠩᠭᠡᠢ ᠲᠠᠯᠠᠪᠠᠢ 196 ᠳᠡᠭᠰᠢ ᠲᠦᠷᠪᠡᠯᠵᠢᠨ ᠺᠢᠯᠤᠮᠧᠲᠷ᠂ ᠲᠡᠬᠦᠨ ᠤ ᠬᠠᠷᠢᠶᠠᠨ ᠳᠤ 4 ᠤᠷᠤᠨ ᠲᠤᠭᠤᠷᠢᠭ᠂ 11 ᠵᠠᠰᠠᠭ ᠵᠠᠬᠢᠷᠭᠠᠨ ᠤ ᠲᠤᠰᠬᠤᠨ᠂ 43 ᠲᠤᠰᠬᠤᠨ ᠤ ᠠᠷᠠᠳ ᠤᠨ ᠲᠤᠭᠤᠶᠢᠯᠠᠩ᠂ 36 ᠠᠶᠢᠯ ᠬᠠᠮᠢᠶᠠᠷᠤᠭᠳᠠᠨ᠎ᠠ᠃ ᠶᠡᠷᠤᠩᠬᠢ ᠡᠷᠦᠭᠡ ᠶᠢᠨ ᠲᠤᠭ᠎ᠠ 8794 ᠡᠷᠦᠭᠡ᠂ ᠶᠡᠷᠦᠩᠭᠡᠢ ᠬᠦᠮᠦᠨ ᠠᠮᠠ ᠶᠢᠨ ᠲᠤᠭ᠎ᠠ 6.9 ᠲᠦᠮᠡ᠂ ᠡᠬᠦᠨ ᠳᠤ ᠲᠠᠷᠢᠶᠠᠯᠠᠩ ᠤᠨ ᠬᠦᠮᠦᠨ ᠠᠮᠠ 1.6 ᠲᠦᠮᠡ᠂ ᠬᠤᠲᠠ ᠪᠠᠯᠭᠠᠰᠤᠨ ᠤ ᠪᠠᠶᠢᠩᠭᠤ ᠶᠢᠨ ᠰᠠᠭᠤᠭᠠᠯᠢ ᠬᠦᠮᠦᠨ ᠠᠮᠠ 5.3 ᠲᠦᠮᠡ᠂ ᠮᠤᠩᠭᠤᠯ᠂ ᠮᠠᠨᠵᠤ᠂ ᠰᠤᠯᠤᠩᠭᠤᠰ᠂ ᠬᠤᠲᠤᠩ᠂ ᠵᠤᠸᠠᠩ᠂ ᠤᠷᠴᠤᠨ᠂ ᠬᠢᠲᠡᠳ ᠵᠡᠷᠭᠡ 7 ᠦᠨᠳᠦᠰᠦᠲᠡᠨ ᠢᠶᠠᠷ ᠪᠦᠷᠢᠯᠳᠦᠵᠡᠢ᠃ ᠬᠤᠲᠠᠴᠢᠯᠠᠭᠰᠠᠨ ᠨᠤᠷᠮ᠎ᠠ 50% ᠲᠤᠯᠵᠠᠢ᠃      ᠬᠤᠷᠴᠢᠨ ᠪᠠᠯᠭᠠᠰᠤᠨ ᠤ ᠵᠠᠰᠠᠭ ᠤᠨ ᠤᠷᠳᠤᠨ ᠤ ᠰᠠᠭᠤᠭ᠎ᠠ ᠭᠠᠵᠠᠷ ᠨᠢ ᠶᠤᠸᠠᠨ ᠳ᠋ᠠ ᠲᠤᠰᠬᠤᠨ ᠳᠤ ᠪᠠᠶᠢᠷᠢᠰᠢᠵᠤ᠂ ᠲᠤᠮᠳᠠᠳᠤ ᠪᠠᠭ᠎ᠠ ᠰᠤᠷᠭᠠᠭᠤᠯᠢ᠂ ᠡᠷᠡᠭᠦᠯ ᠬᠠᠮᠠᠭᠠᠯᠠᠯ ᠤᠨ ᠬᠤᠷᠢᠶ᠎ᠠ᠂ ᠬᠤᠷᠴᠢᠨ ᠪᠠᠯᠭᠠᠰᠤᠨ ᠤ ᠭᠠᠵᠠᠷ ᠰᠢᠷᠤᠢ ᠶᠢᠨ ᠰᠠᠯᠪᠤᠷᠢ ᠲᠤᠪᠴᠢᠶ᠎ᠠ᠂ ᠲᠤᠲᠤᠭᠠᠲᠤ ᠶᠢᠨ ᠬᠠᠮᠠᠭᠠᠯᠠᠬᠤ ᠰᠠᠯᠪᠤᠷᠢ ᠠᠩᠭᠢ᠂ ᠴᠠᠬᠢᠯᠭᠠᠨ ᠬᠠᠩᠭᠠᠬᠤ ᠰᠠᠯᠪᠤᠷᠢ ᠠᠩᠭᠢ᠂ ᠢᠲᠡᠭᠡᠮᠵᠢ ᠶᠢᠨ ᠬᠤᠷᠰᠢᠶ᠎ᠠ ᠵᠡᠷᠭᠡ ᠪᠠᠶᠢᠭᠤᠯᠭ᠎ᠠ ᠨᠢᠭᠡᠴᠠ ᠪᠠᠶᠢᠳᠠᠭ᠃ ᠲᠠᠬᠦᠨ ᠤ ᠬᠠᠷᠢᠶᠠᠨ ᠳᠤ ᠳ᠋ᠠ ᠯᠤᠩ ᠵᠡᠬᠦᠨ ᠤᠷᠤᠨ ᠤ ᠲᠡᠭᠡᠭᠡᠪᠦᠷᠢ ᠶᠢᠨ ᠦᠢᠯᠡᠰ ᠤᠨ ᠬᠢᠵᠠᠭᠠᠷᠲᠦ ᠺᠤᠮᠫᠠᠨᠢ᠂ ᠱᠤᠸ᠋ᠩ ᠶᠤᠸᠠᠨ ᠢᠳᠡᠭᠡᠨ ᠤ ᠦᠢᠯᠡᠰ ᠤᠨ ᠬᠢᠵᠠᠭᠠᠷᠲᠦ ᠺᠤᠮᠫᠠᠨᠢ᠂ ᠦᠪᠦᠷ ᠮᠤᠩᠭᠤᠯ ᠤᠨ ᠵᠢᠢ ᠶᠤᠸᠠᠨ ᠪᠠᠷᠢᠯᠭ᠎ᠠ ᠶᠢᠨ ᠭᠡᠷᠡᠭᠰᠡᠯ ᠤᠨ ᠦᠢᠯᠡᠰ ᠤᠨ ᠬᠢᠵᠠᠭᠠᠷᠲᠦ ᠺᠤᠮᠫᠠᠨᠢ᠂ ᠶᠢᠨ ᠯᠢ ᠵᠢᠯᠤᠭᠤᠴᠢ ᠶᠢᠨ ᠰᠤᠷᠭᠠᠭᠤᠯᠢ᠂ ᠱᠧᠨᠶᠠᠩ ᠤᠨ ᠨᠡᠭᠦᠷᠡᠰᠤᠨ ᠤ ᠦᠢᠯᠡᠰ ᠤᠨ ᠬᠢᠵᠠᠭᠠᠷᠲᠦ ᠺᠤᠮᠫᠠᠨᠢ᠂ ᠯᠢᠩ ᠬᠠᠩ ᠵᠢᠯᠤᠭᠤᠴᠢ ᠶᠢᠨ ᠰᠤᠷᠭᠠᠭᠤᠯᠢ᠂ ᠶᠢᠨ ᠵᠢᠩ  ᠵᠠᠮ ᠤᠨ ᠬᠦᠭᠦᠷᠭᠡ   ᠶᠢᠨ ᠦᠢᠯᠡᠰ ᠤᠨ ᠬᠢᠵᠠᠭᠠᠷᠲᠦ ᠺᠤᠮᠫᠠᠨᠢ᠂ ᠶᠤᠸᠠᠨ ᠹᠧᠩ ᠬᠠᠶᠠᠭᠳᠠᠮᠠᠯ ᠰᠦᠯᠢᠶᠤᠤ ᠶᠢ ᠳᠠᠬᠢᠨ ᠦᠢᠯᠡᠳᠪᠦᠷᠢᠯᠡᠨ ᠮᠦᠬᠦᠯᠢᠭ ᠪᠤᠯᠭᠠᠬᠤ ᠦᠢᠯᠡᠳᠪᠦᠷᠢ᠂ ᠶᠤᠸᠠᠨ ᠬᠤᠸᠠ ᠲᠤᠭᠤᠰᠭ᠎ᠠ ᠶᠢᠨ ᠦᠢᠯᠡᠳᠪᠦᠷᠢ᠂ ᠲᠤᠰᠤ ᠨᠡᠮᠡᠭᠦ ᠦᠷᠲᠡᠭᠡ ᠵᠡᠷᠭᠡ ᠠᠵᠤ ᠠᠬᠤᠶᠢᠯᠠᠯ ᠲᠠᠢ᠃ ᠱᠠᠭᠠᠵᠠᠭᠠᠢ ᠬᠤᠲᠠ ᠠᠴᠠ ᠷᠠᠰᠢᠶᠠᠨ ᠬᠦᠷᠬᠦ ᠲᠡᠮᠦᠷ ᠵᠠᠮ ᠤᠨ ᠲᠤᠰ ᠪᠠᠯᠭᠠᠰᠤ ᠪᠠᠷ ᠦᠩᠭᠡᠷᠡᠬᠦ ᠶᠡᠷᠦᠩᠬᠢ ᠤᠷᠲᠤ ᠶᠢᠨ ᠬᠡᠮᠵᠢᠶ᠎ᠡ ᠨᠢ 10 ᠺᠢᠯᠤᠮᠧᠲᠷ ᠪᠠᠶᠢᠵᠤ᠂ ᠮᠤᠵᠢ ᠪᠤᠯᠤᠨ ᠮᠤᠵᠢ ᠶᠢᠨ ᠬᠤᠭᠤᠷᠤᠨᠳᠦᠬᠢ ᠬᠤᠯᠪᠤᠯᠳᠤᠭᠰᠠᠨ ᠵᠠᠰᠠᠮᠠᠯ ᠵᠠᠮ ᠤᠨ ᠲᠤᠰ ᠪᠠᠯᠭᠠᠰᠤ ᠪᠠᠷ ᠦᠩᠭᠡᠷᠡᠬᠦ ᠶᠡᠷᠦᠩᠬᠢ ᠤᠷᠲᠤ ᠶᠢᠨ ᠬᠡᠮᠵᠢᠶ᠎ᠡ ᠨᠢ 19.5 ᠺᠢᠯᠤᠮᠧᠲᠷ ᠪᠠᠶᠢᠵᠤ᠂ S203 ᠤᠯᠠᠭᠠᠨᠬᠤᠲᠠ ᠠᠴᠠ ᠷᠠᠰᠢᠶᠠᠨ ᠬᠦᠷᠬᠦ ᠦᠨᠳᠦᠷ ᠲᠡᠰ ᠤᠨ ᠵᠠᠰᠠᠮᠠᠯ ᠵᠠᠮ ᠡᠮᠦᠨ᠎ᠡ ᠠᠴᠠ ᠤᠮᠠᠷᠠᠰᠢ ᠴᠢᠭᠯᠡᠯ ᠢᠶᠠᠷ ᠲᠤᠰ ᠪᠠᠯᠭᠠᠰᠤ ᠪᠠᠷ ᠦᠩᠭᠡᠷᠡᠵᠤ᠂ ᠲᠤᠰᠬᠤᠨ ᠤ ᠬᠤᠭᠤᠷᠤᠨᠳᠤᠬᠢ ᠵᠠᠰᠠᠮᠠᠯ ᠵᠠᠮ ᠤᠨ ᠶᠡᠷᠦᠩᠬᠢ ᠤᠷᠲᠤ ᠶᠢᠨ ᠬᠡᠮᠵᠢᠶ᠎ᠡ 44 ᠺᠢᠯᠤᠮᠧᠲᠷ ᠲᠤᠯᠵᠠᠢ᠃ 2016 ᠤᠨ  ᠳᠤ᠂ ᠲᠡᠭᠡᠷ᠎ᠠ ᠱᠠᠲᠤᠨ ᠠᠴᠠ ᠲᠡᠮᠡᠴᠡᠨ ᠤᠯᠤᠭᠰᠠᠨ ᠲᠦᠷᠦᠯ ᠵᠦᠢᠯ ᠤᠨ  ᠪᠡᠯᠡ ᠮᠦᠩᠭᠦ ᠶᠢᠨ ᠲᠤᠭ᠎ᠠ 4265.9 ᠲᠦᠮᠡᠨ ᠲᠦᠭᠦᠷᠢᠭ ᠲᠤᠯᠵᠤ᠂ ᠪᠦᠬᠦ ᠵᠢᠯ ᠤᠨ ᠭᠠᠶᠢᠯᠢ ᠶᠢᠨ ᠤᠷᠤᠯᠭ᠎ᠠ 1330 ᠲᠦᠮᠡᠨ ᠲᠦᠭᠦᠷᠢᠭ ᠲᠤᠯᠵᠠᠢ᠃
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号