ᠵᠢᠷᠦᠭᠡᠨ ᠪᠠᠯᠭᠠᠰᠤ ᠨᠢ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠵᠠᠰᠠᠭ ᠤᠨ ᠤᠷᠳᠤᠨ ᠤ | ᠡᠮᠦᠨᠡᠲᠦ ᠭᠡᠰᠡᠭ ᠲᠤ ᠪᠠᠶᠢᠷᠢᠰᠢᠵᠤ᠂ ᠶᠡᠷᠦᠩᠭᠡᠢ ᠲᠠᠯᠠᠪᠠᠢ ᠨᠢ199.35 ᠳᠡᠭᠰᠢ ᠲᠦᠷᠪᠡᠯᠵᠢᠨ ᠺᠢᠯᠤᠮᠧᠲᠷ᠂ | ᠵᠡᠭᠦᠨ ᠲᠠᠯ᠎ᠠ ᠪᠠᠷ ᠢᠶᠠᠨ ᠤᠯᠠᠭᠠᠨᠬᠤᠲᠠ ᠲᠠᠢ ᠬᠦᠷᠰᠢᠯᠡᠵᠤ᠂ ᠡᠮᠦᠨ᠎ᠡ ᠲᠠᠯ᠎ᠠ ᠪᠠᠷ ᠢᠶᠠᠨ ᠤᠯᠠᠭᠠᠨᠬᠤᠲᠠ ᠶᠢᠨ | ᠰᠡᠷᠢᠭᠡᠨ ᠲᠠᠢ ᠵᠠᠯᠭᠠᠯᠳᠤᠵᠤ᠂ ᠪᠠᠷᠠᠭᠤᠨ ᠲᠠᠯ᠎ᠠ ᠪᠠᠷ ᠢᠶᠠᠨ ᠬᠢᠷᠢᠨ ᠮᠤᠵᠢ ᠶᠢᠨ ᠬᠦᠷᠢᠶᠠᠲᠦ ᠮᠤᠩᠭᠤᠯ ᠦᠨᠳᠦᠰᠦᠲᠡᠨ | ᠤ ᠰᠢᠶᠠᠩ ᠲᠠᠢ ᠬᠢᠯᠢ ᠨᠡᠶᠢᠯᠡᠵᠤ᠂ ᠤᠮᠠᠷᠠᠲᠦ ᠲᠠᠯ᠎ᠠ ᠪᠠᠷ ᠢᠶᠠᠨ ᠬᠤᠷᠴᠢᠨ ᠪᠠᠯᠭᠠᠰᠤ ᠲᠠᠢ ᠵᠠᠯᠭᠠᠯᠳᠤᠨ | ᠰᠠᠭᠤᠷᠢᠰᠢᠵᠠᠢ᠃ ᠶᠡᠷᠦᠩᠭᠡᠢ ᠬᠦᠮᠦᠨ ᠠᠮᠠ ᠶᠢᠨ ᠲᠤᠭ᠎ᠠ 2.51 ᠲᠦᠮᠡ ᠪᠠᠶᠢᠵᠤ᠂ ᠪᠠᠶᠢᠩᠭᠤ ᠰᠠᠭᠤᠭᠠᠯᠢ ᠠᠷᠠᠳ | ᠤᠨ ᠲᠤᠭ᠎ᠠ 2.29 ᠲᠦᠮᠡᠨ ᠬᠦᠮᠦᠨ ᠲᠤᠯᠳᠠᠭ᠃ ᠡᠬᠦᠨ ᠤ ᠳᠤᠲᠤᠷ᠎ᠠ ᠡᠷᠡᠭᠲᠡᠢ 1.27 ᠲᠦᠮᠡᠨ ᠬᠦᠮᠦᠨ᠂ 50. | 6% ᠶᠢ ᠡᠵᠡᠯᠡᠵᠤ᠂ ᠡᠮᠡᠭᠲᠡᠢ 1.24 ᠲᠦᠮᠡᠨ ᠬᠦᠮᠦᠨ᠂ 49.4% ᠶᠢ ᠡᠵᠡᠯᠡᠵᠤ᠂ ᠪᠠᠶᠢᠩᠭᠤ ᠰᠠᠭᠤᠭᠠᠯᠢ | ᠴᠦᠭᠡᠨ ᠲᠤᠭᠠᠲᠤ ᠦᠨᠳᠦᠰᠦᠲᠡᠨ ᠤ ᠬᠦᠮᠦᠨ ᠠᠮᠠ 3739 ᠬᠦᠮᠦᠨ ᠪᠤᠢ᠃ ᠡᠬᠦᠨ ᠤ ᠳᠤᠲᠤᠷ᠎ᠠ ᠮᠤᠩᠭᠤᠯ | ᠦᠨᠳᠦᠰᠦᠲᠡᠨ 2842 ᠬᠦᠮᠦᠨ ᠪᠤᠢ᠂ 12.8% ᠶᠢ ᠡᠵᠡᠯᠡᠵᠤ᠂ ᠬᠤᠲᠤᠩ ᠦᠨᠳᠦᠰᠦᠲᠡᠨ 19 ᠬᠦᠮᠦᠨ ᠪᠤᠢ᠂ | 0.08% ᠶᠢ ᠡᠵᠡᠯᠡᠵᠤ᠂ ᠮᠠᠨᠵᠤ ᠦᠨᠳᠦᠰᠦᠲᠡᠨ 867 ᠬᠦᠮᠦᠨ ᠪᠤᠢ᠂ 3.9% ᠶᠢ ᠡᠵᠡᠯᠡᠵᠤ᠂ ᠰᠤᠯᠤᠩᠭᠤᠰ | ᠦᠨᠳᠦᠰᠦᠲᠡᠨ 2 ᠬᠦᠮᠦᠨ ᠪᠤᠢ᠂ 0.008% ᠶᠢ ᠡᠵᠡᠯᠡᠵᠤ᠂ ᠡᠸ᠋ᠩᠬᠢ ᠦᠨᠳᠦᠰᠦᠲᠡᠨ 3 ᠬᠦᠮᠦᠨ ᠪᠤᠢ᠂ 0. | 013% ᠶᠢ ᠡᠵᠡᠯᠡᠵᠤ᠂ ᠳᠠᠭᠤᠷ ᠦᠨᠳᠦᠰᠦᠲᠡᠨ 6 ᠬᠦᠮᠦᠨ ᠪᠤᠢ᠂ 0.026% ᠶᠢ ᠡᠵᠡᠯᠡᠳᠡᠭ᠃ 2016 ᠤᠨ | ᠳᠤ᠂ ᠬᠦᠮᠦᠨ ᠪᠦᠷᠢ ᠶᠢᠨ ᠲᠡᠭᠰᠢᠳᠭᠡᠭᠰᠡᠨ ᠴᠡᠪᠡᠷ ᠤᠷᠤᠯᠭ᠎ᠠ ᠶᠢᠨ ᠬᠡᠮᠵᠢᠶ᠎ᠡ 9200 ᠲᠦᠭᠦᠷᠢᠭ ᠲᠤᠯᠵᠠᠢ᠃ |