ᠡᠷᠬᠢᠲᠦ ᠪᠠᠯᠭᠠᠰᠤ ᠨᠢ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠵᠡᠬᠦᠨ ᠲᠠᠯ᠎ᠠ ᠪᠠᠷ ᠪᠠᠶᠢᠷᠢᠰᠢᠵᠤ | ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ 45 | ᠺᠢᠯᠤᠮᠧᠲᠷ ᠵᠠᠶᠢᠲᠠᠢ᠃ ᠵᠡᠬᠦᠨ ᠲᠠᠯ᠎ᠠ ᠪᠠᠷ ᠢᠶᠠᠨ ᠵᠠᠯᠠᠶᠢᠳ ᠬᠤᠰᠢᠭᠤᠨ ᠤ ᠪᠠᠶᠠᠨᠭᠤᠤᠯ ᠪᠠᠯᠭᠠᠰᠤ ᠲᠠᠢ ᠬᠦᠷᠰᠢᠯᠡᠵᠤ | ᠂ ᠡᠮᠦᠨ᠎ᠡ ᠲᠠᠯ᠎ᠠ ᠪᠠᠷ ᠢᠶᠠᠨ ᠤᠯᠠᠭᠠᠨᠬᠤᠲᠠ ᠶᠢᠨ ᠭᠡᠭᠡᠨ ᠰᠦᠮ᠎ᠡ ᠪᠠᠯᠭᠠᠰᠤ᠂ ᠲᠠᠪᠢᠨ ᠦᠷᠲᠡᠭᠡ ᠪᠠᠯᠭᠠᠰᠤ ᠲᠠᠢ | ᠵᠠᠯᠭᠠᠯᠳᠤᠨ᠂ ᠪᠠᠷᠠᠭᠤᠨ ᠲᠠᠯ᠎ᠠ ᠪᠠᠷ ᠢᠶᠠᠨ ᠴᠠᠷᠠᠰᠤᠨ ᠪᠠᠯᠭᠠᠰᠤ ᠪᠤᠯᠤᠨ ᠤᠯᠠᠭᠠᠨᠬᠤᠲᠠ ᠶᠢᠨ ᠤᠯᠠᠭᠠᠨᠬᠠᠳᠠ ᠪᠠᠯᠭᠠᠰᠤ | ᠲᠠᠢ ᠨᠡᠶᠢᠯᠡᠵᠤ᠂ ᠤᠮᠠᠷᠠᠲᠦ ᠲᠠᠯ᠎ᠠ ᠪᠠᠷ ᠢᠶᠠᠨ ᠵᠠᠯᠠᠶᠢᠳ ᠬᠤᠰᠢᠭᠤᠨ ᠤ ᠪᠤᠯᠭᠠᠨ ᠬᠤᠸᠠ ᠰᠤᠮᠤ ᠲᠠᠢ ᠬᠦᠷᠰᠢᠯᠡᠵᠤ᠂ | ᠪᠦᠬᠦ ᠪᠠᠯᠭᠠᠰᠤᠨ ᠤ ᠶᠡᠷᠦᠩᠭᠡᠢ ᠲᠠᠯᠠᠪᠠᠢ ᠨᠢ 667 ᠳᠡᠭᠰᠢ ᠲᠦᠷᠪᠡᠯᠵᠢᠨ ᠺᠢᠯᠤᠮᠧᠲᠷ ᠪᠠᠶᠢᠳᠠᠭ᠃ ᠪᠠᠯᠭᠠᠰᠤᠨ ᠤ | ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠨᠢ ᠪᠠᠶᠠᠨᠬᠤᠲᠠ ᠭᠠᠴᠠᠭ᠎ᠠ ᠪᠤᠯᠤᠨ᠎ᠠ᠃ ᠪᠦᠬᠦ ᠪᠠᠯᠭᠠᠰᠤᠨ ᠤ | ᠬᠠᠷᠢᠶᠠᠨ ᠳᠤ 14 ᠭᠠᠴᠠᠭ᠎ᠠ 35 ᠲᠤᠰᠬᠤᠨ ᠲᠠᠢ᠃ ᠶᠡᠷᠦᠩᠭᠡᠢ ᠡᠷᠦᠭᠡ ᠶᠢᠨ ᠲᠤᠭ᠎ᠠ 4980 ᠡᠷᠦᠭᠡ᠂ | ᠶᠡᠷᠦᠩᠭᠡᠢ ᠬᠦᠮᠦᠨ ᠠᠮᠠ ᠶᠢᠨ ᠲᠤᠭ᠎ᠠ 18724 ᠬᠦᠮᠦᠨ ᠪᠠᠶᠢᠵᠤ᠂ ᠡᠬᠦᠨ ᠤ ᠳᠤᠲᠤᠷ᠎ᠠ ᠲᠠᠷᠢᠶᠠᠯᠠᠩ ᠤᠨ | ᠬᠦᠮᠦᠨ ᠠᠮᠠ 16119 ᠬᠦᠮᠦᠨ ᠲᠠᠢ᠃ ᠮᠤᠩᠭᠤᠯ᠂ ᠬᠢᠲᠠᠳ᠂ ᠮᠠᠨᠵᠤ᠂ ᠬᠤᠲᠤᠩ᠂ ᠰᠤᠯᠤᠩᠭᠤᠰ ᠵᠡᠷᠭᠡ 6 | ᠦᠨᠳᠦᠰᠦᠲᠡᠨ ᠢᠶᠠᠷ ᠪᠦᠷᠢᠯᠳᠦᠵᠤ᠂ ᠡᠬᠦᠨ ᠤ ᠳᠤᠲᠤᠷ᠎ᠠ ᠮᠤᠩᠭᠤᠯ ᠦᠨᠳᠦᠰᠦᠲᠡᠨ13563 ᠬᠦᠮᠦᠨ ᠪᠤᠢ᠂ | ᠶᠡᠷᠦᠩᠭᠡᠢ ᠬᠦᠮᠦᠨ ᠠᠮᠠ ᠶᠢᠨ 72.4% ᠶᠢ ᠡᠵᠡᠯᠡᠳᠡᠭ᠃ 2016 ᠤᠨ ᠳᠤ᠂ ᠮᠠᠯᠴᠢᠨ ᠲᠠᠷᠢᠶᠠᠴᠢᠨ ᠤ ᠬᠦᠮᠦᠨ | ᠪᠦᠷᠢ ᠶᠢᠨ ᠲᠡᠭᠰᠢᠳᠭᠡᠭᠰᠡᠨ ᠴᠡᠪᠡᠷ ᠤᠷᠤᠯᠭ᠎ᠠ ᠶᠢᠨ ᠬᠡᠮᠵᠢᠶ᠎ᠡ 8500 ᠲᠦᠭᠦᠷᠢᠭ ᠲᠤᠯᠵᠠᠢ᠃ |