ᠴᠠᠷᠠᠰᠤᠨ ᠪᠠᠯᠭᠠᠰᠤ ᠨᠢ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠵᠡᠬᠦᠨ ᠬᠤᠶᠢᠲᠦ ᠲᠠᠯ᠎ᠠ | ᠪᠠᠷ ᠪᠠᠶᠢᠷᠢᠰᠢᠵᠤ᠂ ᠤᠯᠠᠭᠠᠨᠬᠤᠲᠠ ᠠᠴᠠ ᠤᠮᠠᠷᠠᠰᠢ 25 ᠺᠢᠯᠤᠮᠧᠲᠷ ᠤᠨ ᠵᠠᠶᠢᠲᠠᠢ ᠪᠠᠶᠢᠵᠤ᠂ ᠬᠤᠷᠴᠢᠨ ᠪᠠᠷᠠᠭᠤᠨ | ᠭᠠᠷᠤᠨ ᠡᠮᠦᠨᠡᠲᠦ ᠬᠤᠰᠢᠭᠤᠨ ᠤ ᠰᠢᠨ᠎ᠠ ᠰᠠᠭᠤᠷᠢᠰᠢᠯ ᠪᠤᠯᠬᠤ ᠬᠤᠷᠴᠢᠨ ᠪᠠᠯᠭᠠᠰᠤᠨ ᠠᠴᠠ 30 ᠺᠢᠯᠤᠮᠧᠲᠷ | ᠵᠠᠶᠢᠲᠠᠢ᠃ ᠵᠡᠬᠦᠨ ᠵᠠᠬ᠎ᠠ ᠪᠠᠷ ᠢᠶᠠᠨ ᠵᠠᠯᠠᠶᠢᠳ ᠬᠤᠰᠢᠭᠤᠨ ᠤ ᠪᠤᠯᠭᠠᠨ ᠬᠤᠸᠠ ᠰᠤᠮᠤ ᠲᠠᠢ ᠬᠦᠷᠰᠢᠯᠡᠵᠤ᠂ | ᠪᠠᠷᠠᠭᠤᠨ ᠵᠠᠬ᠎ᠠ ᠪᠠᠷ ᠢᠶᠠᠨ ᠬᠦᠢᠯᠡᠷ ᠪᠠᠯᠭᠠᠰᠤ ᠲᠠᠢ ᠬᠢᠯᠢ ᠨᠡᠶᠢᠯᠡᠵᠤ᠂ ᠡᠮᠦᠨ᠎ᠡ ᠲᠠᠯ᠎ᠠ ᠪᠠᠷ ᠢᠶᠠᠨ ᠤᠯᠠᠭᠠᠨᠬᠤᠲᠠ ᠶᠢᠨ | ᠢᠯᠡᠯᠲᠡ ᠪᠠᠯᠭᠠᠰᠤ ᠲᠠᠢ ᠵᠠᠯᠭᠠᠯᠳᠤᠨ᠂ ᠤᠮᠠᠷᠠᠲᠦ ᠲᠠᠯ᠎ᠠ ᠪᠠᠷ ᠢᠶᠠᠨ ᠬᠤᠷᠢᠨ ᠰᠤᠮᠤ ᠲᠠᠢ ᠵᠠᠯᠭᠠᠯᠳᠤᠵᠤ ᠪᠠᠶᠢᠳᠠᠭ᠃ | ᠶᠡᠷᠦᠩᠭᠡᠢ ᠲᠠᠯᠠᠪᠠᠢ ᠨᠢ 836.6 ᠳᠡᠭᠰᠢ ᠲᠦᠷᠪᠡᠯᠵᠢᠨ ᠺᠢᠯᠤᠮᠧᠲᠷ ᠪᠠᠶᠢᠳᠠᠭ᠃ ᠡᠬᠦᠨ ᠳᠤ ᠲᠠᠷᠢᠶᠠᠯᠠᠬᠤ ᠲᠠᠯᠠᠪᠠᠢ | 24.6 ᠲᠦᠮᠡᠨ ᠮᠤ᠋᠂ ᠲᠠᠯ᠎ᠠ ᠭᠠᠵᠠᠷ ᠤᠨ ᠲᠠᠯᠠᠪᠠᠢ 33.6 ᠲᠦᠮᠡᠨ ᠮᠤ᠋᠂ ᠮᠠᠯ ᠤᠨ ᠬᠠᠳᠠᠭᠠᠯᠠᠯᠲᠠ ᠶᠢᠨ ᠬᠡᠮᠵᠢᠶ᠎ᠡ | 218442 ᠲᠤᠯᠤᠭᠠᠢ ᠲᠤᠯᠵᠤ᠂ ᠪᠦᠬᠦ ᠪᠠᠯᠭᠠᠰᠤᠨ ᠤ ᠬᠠᠷᠢᠶᠠᠨ ᠳᠤ 15 ᠭᠠᠴᠠᠭ᠎ᠠ᠂ 54 ᠲᠤᠰᠬᠤᠠ᠂ 1 | ᠤᠷᠤᠨ ᠲᠤᠭᠤᠷᠢᠭ ᠬᠠᠷᠢᠶᠠᠯᠠᠭᠳᠠᠨ᠂ ᠶᠡᠷᠦᠩᠭᠡᠢ ᠡᠷᠦᠭᠡ ᠶᠢᠨ ᠲᠤᠭ᠎ᠠ 5359 ᠡᠷᠦᠭᠡ ᠲᠤᠯᠵᠤ᠂ ᠶᠡᠷᠦᠩᠭᠡᠢ | ᠬᠦᠮᠦᠨ ᠠᠮᠠ ᠶᠢᠨ ᠲᠤᠭ᠎ᠠ 2.1 ᠲᠦᠮᠡᠨ ᠬᠦᠮᠦᠨ ᠪᠠᠶᠢᠳᠠᠭ᠃ |