ᠬᠢᠩᠭᠠᠨ ᠠᠶᠢᠮᠠᠭ ᠤᠨ ᠭᠤᠷᠪᠠᠳᠤᠭᠠᠷ ᠬᠤᠭᠤᠴᠠᠭᠠᠨ ᠤ ︽ᠬᠤᠷᠴᠢᠨ︾ ᠨᠡᠷᠡᠮᠵᠢᠳᠤ ᠤᠯᠠᠮᠵᠢᠯᠠᠯᠳᠤ ᠰᠤᠷ ᠬᠠᠷᠪᠤᠯᠳᠠ ᠶᠢᠨ ᠤᠷᠤᠯᠳᠤᠭᠠᠨ ᠵᠢᠴᠢ ᠪᠦᠬᠦ ᠤᠷᠤᠨ ᠤ ᠠᠷᠪᠠᠳᠤᠭᠠᠷ ᠬᠤᠭᠤᠴᠠᠭᠠᠨ ᠤ ᠴᠦᠬᠡᠨ ᠲᠤᠭᠠᠳᠤ ᠦᠨᠳᠤᠰᠤᠳᠡᠨ ᠤ ᠤᠯᠠᠮᠵᠢᠯᠠᠯᠳᠤ ᠪᠡᠶ᠎ᠠ ᠲᠠᠮᠢᠷ ᠤᠨ ᠴᠤᠭᠯᠠᠭᠠᠨ ᠤ ᠰᠤᠷ ᠬᠠᠷᠪᠤᠯᠳᠠ ᠶᠢᠨ ᠲᠠᠮᠢᠷᠴᠢᠨ ᠢ ᠰᠢᠯᠢᠨ ᠰᠤᠩᠭᠤᠬᠤ ᠤᠷᠤᠯᠳᠤᠭᠠᠨ ᠠᠮᠵᠢᠯᠳᠠ ᠲᠠᠢ ᠦᠨᠳᠦᠷᠯᠡᠪᠠ
ᠨᠡᠶᠢᠲᠡᠯᠡᠭᠰᠡᠨ ᠴᠠᠭ᠄
2020/11/20
   ᠲᠤᠮᠳᠠᠳᠤ ᠶᠢᠨ ᠦᠨᠳᠤᠰᠤᠳᠡᠨ ᠤ ᠬᠠᠮᠳᠤ ᠶᠢᠨ ᠴᠤᠭᠴᠠ ᠶᠢᠨ ᠤᠬᠠᠮᠰᠠᠷ ᠢ ᠪᠠᠳᠤ ᠱᠤᠭᠤᠵᠤ᠂ ᠦᠨᠳᠤᠰᠤᠳᠡᠨ ᠤ ᠰᠢᠯᠢᠳᠡᠭ ᠤᠯᠠᠮᠵᠢᠯᠠᠯᠳᠤ ᠰᠤᠶᠤᠯ ᠢᠶᠠᠨ ᠤᠯᠠᠮᠵᠢᠯᠠᠨ ᠪᠠᠳᠠᠷᠠᠭᠤᠯᠵᠤ᠂ ᠤᠯᠠᠨ ᠲᠦᠮᠡᠨ ᠤ ᠰᠤᠶᠤᠯ ᠤᠨ ᠠᠮᠢᠳᠤᠷᠠᠯ ᠢ ᠪᠠᠶᠠᠯᠢᠬᠵᠢᠭᠤᠯᠬᠤ ᠵᠤᠷᠢᠯᠭ᠎ᠠ ᠠᠴᠠ ᠶᠠᠪᠤᠭᠳᠠᠭᠤᠯᠤᠭᠰᠠᠨ ᠬᠢᠩᠭᠠᠨ ᠠᠶᠢᠮᠠᠭ ᠤᠨ ᠭᠤᠷᠪᠠᠳᠤᠭᠠᠷ ᠬᠤᠭᠤᠴᠠᠭᠠᠨ ᠤ ︽ᠬᠤᠷᠴᠢᠨ︾ ᠨᠡᠷᠡᠮᠵᠢᠳᠤ ᠤᠯᠠᠮᠵᠢᠯᠠᠯᠳᠤ ᠰᠤᠷ ᠬᠠᠷᠪᠤᠯᠳᠠ ᠶᠢᠨ ᠤᠷᠤᠯᠳᠤᠭᠠᠨ ᠵᠢᠴᠢ ᠪᠦᠬᠦ ᠤᠷᠤᠨ ᠤ ᠠᠷᠪᠠᠳᠤᠭᠠᠷ ᠬᠤᠭᠤᠴᠠᠭᠠᠨ ᠤ ᠴᠦᠬᠡᠨ ᠲᠤᠭᠠᠳᠤ ᠦᠨᠳᠤᠰᠤᠳᠡᠨ ᠤ ᠤᠯᠠᠮᠵᠢᠯᠠᠯᠳᠤ ᠪᠡᠶ᠎ᠠ ᠲᠠᠮᠢᠷ ᠤᠨ ᠴᠤᠭᠯᠠᠭᠠᠨ ᠤ ᠰᠤᠷ ᠬᠠᠷᠪᠤᠯᠳᠠ ᠶᠢᠨ ᠲᠠᠮᠢᠷᠴᠢᠨ ᠢ ᠰᠢᠯᠢᠨ ᠰᠤᠩᠭᠤᠬᠤ ᠤᠷᠤᠯᠳᠤᠭᠠᠨ ᠨᠢ 11 ᠰᠠᠷ᠎ᠠ ᠶᠢᠨ 13 ᠤ ᠡᠳᠤᠷ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠲᠠᠮᠢᠷ ᠤᠨ ᠲᠠᠯᠠᠪᠠᠢ ᠳᠤ ᠠᠮᠵᠢᠯᠳᠠ ᠲᠠᠢ ᠦᠨᠳᠦᠷᠯᠡᠪᠠ᠃    ᠲᠤᠰ ᠤᠳᠠᠭᠠᠨ ᠤ ᠤᠷᠤᠯᠳᠤᠭᠠᠨ ᠢ ᠠᠶᠢᠮᠠᠭ ᠤᠨ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ᠂ ᠠᠶᠢᠮᠠᠭ ᠤᠨ ᠰᠤᠶᠤᠯ ᠵᠤᠭᠠᠴᠠᠯ ᠪᠡᠶ᠎ᠠ ᠲᠠᠮᠢᠷ ᠤᠨ ᠲᠤᠪᠴᠢᠶ᠎ᠠ ᠠᠴᠠ ᠭᠤᠥᠯᠯᠠᠨ ᠡᠷᠬᠢᠯᠡᠵᠤ᠂ ᠡᠮᠤᠨᠡᠳᠤ ᠬᠤᠰᠢᠭᠤᠨ ᠤ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ᠂ ᠡᠮᠤᠨᠡᠳᠤ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠠᠴᠠ ᠲᠠᠭᠠᠭᠠᠴᠢᠯᠠᠨ ᠡᠷᠬᠢᠯᠡᠭᠰᠡᠨ ᠪᠠᠶᠢᠨ᠎ᠠ᠃ ᠤᠷᠤᠯᠳᠤᠭᠠᠨ ᠤ ᠡᠬᠢᠨ ᠳᠤ᠂ ᠡᠮᠤᠨᠡᠳᠤ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠰᠤᠷᠤᠭᠴᠢᠳ ᠠᠴᠠ ᠤᠷᠠᠨ ᠰᠠᠶᠢᠬᠠᠨ ᠤ ᠲᠤᠭᠯᠠᠯᠳᠠ ᠭᠠᠷᠭᠠᠵᠤ᠂ ᠤᠷᠤᠯᠳᠤᠭᠠᠨ ᠳᠤ ᠪᠠᠶᠠᠷ ᠬᠦᠷ ᠠᠪᠴᠢᠷᠠᠭᠰᠠᠨ ᠪᠠᠶᠢᠨ᠎ᠠ᠃ ᠲᠠᠷᠠᠭ᠎ᠠ ᠳᠤ ᠨᠢ᠂ ᠬᠢᠨᠠᠭᠴᠢ ᠠᠴᠠ ᠤᠷᠤᠯᠳᠤᠭᠠᠨ ᠤ ᠲᠦᠷᠢᠮ ᠢ ᠨᠡᠶᠢᠳᠡᠯᠡᠬᠦ ᠂ ᠤᠷᠤᠯᠳᠤᠭᠴᠢ ᠠᠴᠠ ᠲᠠᠩᠭᠠᠷᠢᠭᠯᠠᠬᠤ᠂ ᠠᠷᠢᠭᠤᠨ ᠭᠠᠯ ᠠᠰᠠᠭᠠᠬᠤ᠂ ᠰᠤᠷᠴᠢᠳ ᠠᠴᠠ ᠨᠤᠮᠤ ᠰᠠᠭᠠᠳᠠᠬ ᠢᠶᠠᠨ ᠠᠷᠢᠭᠤᠳᠬᠠᠬᠤ ᠵᠡᠷᠭᠡ ᠠᠭᠤᠯᠭ᠎ᠠ ᠪᠦᠬᠦᠢ ᠡᠬᠢᠯᠡᠯᠳᠠ ᠶᠢᠨ ᠶᠤᠰᠤᠯᠠᠯ ᠤᠨ ᠲᠠᠷᠠᠭ᠎ᠠ ᠰᠤᠷ ᠬᠠᠷᠪᠤᠨ ᠤᠷᠤᠯᠳᠤᠪᠠ᠃    ᠤᠷᠤᠯᠳᠤᠭᠠᠨ ᠳᠤ᠂ ᠪᠦᠬᠦ ᠠᠶᠢᠮᠠᠭ ᠤᠨ ᠡᠯ᠎ᠠ ᠬᠤᠰᠢᠭᠤ ᠰᠢᠶᠠᠨ ᠬᠤᠳᠠ ᠶᠢᠨ ᠰᠤᠷ ᠬᠠᠷᠪᠤᠯᠳᠠ ᠶᠢᠨ ᠨᠡᠶᠢᠭᠡᠮᠯᠢᠭ ᠤᠨ 93 ᠰᠤᠷᠴᠢᠨ ᠤᠷᠤᠯᠴᠠᠵᠤ᠂ ᠤᠷ᠎ᠠ ᠮᠡᠷᠭᠡᠰᠢᠯ ᠢᠶᠠᠨ ᠭᠠᠶᠢᠬᠠᠭᠤᠯᠵᠤ ᠪᠢᠯᠠ᠃ ᠤᠷᠤᠯᠳᠤᠭᠠᠨ ᠨᠢ ᠡᠷᠡᠭᠳᠡᠢ ᠶᠢᠨ 30 ᠮᠧᠲᠷ᠂ 40 ᠮᠧᠲᠷ ᠤᠨ ᠵᠠᠢ ᠠᠴᠠ ᠬᠠᠷᠪᠤᠬᠤ ᠪᠠ ᠡᠮᠡᠭᠳᠡᠢ ᠶᠢᠨ 20 ᠮᠧᠲᠷ᠂ 30 ᠮᠧᠲᠷ ᠤᠨ ᠵᠠᠢ ᠠᠴᠠ ᠬᠠᠷᠪᠤᠬᠤ ᠤᠷᠤᠯᠳᠤᠭᠠᠨ ᠤ ᠲᠦᠷᠤᠯ ᠬᠤᠪᠢᠶᠠᠨ᠂ ᠡᠷᠡᠭᠳᠠᠢ ᠡᠮᠡᠭᠳᠠᠢ ᠶᠢᠨ ᠶᠡᠷᠤᠩᠬᠡᠢ ᠬᠤᠪᠢ ᠪᠠᠷ ᠡᠮᠤᠨ᠎ᠠ 3 ᠨᠡᠷᠡᠰ 8 ᠬᠦᠮᠤᠨ ᠢ ᠰᠢᠯᠭᠠᠷᠠᠭᠤᠯᠵᠤ ᠱᠠᠩᠨᠠᠯ ᠭᠠᠷᠳᠠᠭᠤᠯᠵᠠᠢ᠃ ᠡᠬᠦᠨ ᠳᠤ᠂ ᠡᠷᠡᠭᠳᠡᠢ ᠡᠮᠡᠭᠳᠡᠢ ᠶᠢᠨ ᠲᠤᠭᠤᠢᠢᠯᠠᠩ ᠪᠦᠷᠢ ᠶᠢᠨ ᠡᠮᠤᠨ᠎ᠠ 2 ᠨᠡᠷᠡᠰ ᠢ ᠠᠷᠪᠠᠳᠤᠭᠠᠷ ᠬᠤᠭᠤᠴᠠᠭᠠᠨ ᠤ ᠴᠦᠬᠡᠨ ᠲᠤᠭᠠᠳᠤ ᠦᠨᠳᠤᠰᠤᠳᠡᠨ ᠤ ᠤᠯᠠᠮᠵᠢᠯᠠᠯᠳᠤ ᠪᠡᠶ᠎ᠠ ᠲᠠᠮᠢᠷ ᠤᠨ ᠴᠤᠭᠯᠠᠭᠠᠨ ᠤ ᠰᠤᠷ ᠬᠠᠷᠪᠤᠯᠳᠠ ᠶᠢᠨ ᠤᠷᠤᠯᠳᠤᠭᠠᠨ ᠳᠤ ᠤᠷᠤᠯᠴᠠᠭᠤᠯᠬᠤ ᠪᠤᠯᠤᠨ᠎ᠠ᠃    ᠤᠷᠤᠯᠳᠤᠭᠠᠨ ᠤ ᠳ᠋ᠦᠩ ᠳᠤ᠂ ᠡᠮᠡᠭᠳᠡᠢ ᠶᠢᠨ ᠲᠤᠭᠤᠢᠢᠯᠠᠩ ᠳᠤ᠂ ᠰᠡᠴᠡᠨ ᠨᠢᠭᠡᠳᠤᠭᠡᠷ ᠨᠡᠷᠡᠰ᠂ ᠪᠤᠥ ᠶᠢᠨ ᠮᠸᠢ ᠂ ᠰᠤᠷᠤᠨ᠎ᠠ ᠬᠤᠶᠠᠳᠤᠭᠠᠷ ᠨᠡᠷᠡᠰ᠂ ᠴᠡᠴᠡᠭ᠂ ᠹᠧᠩ ᠯᠢᠶᠠᠩ᠂ ᠲᠡᠬᠦᠥᠳᠠ᠂ ᠸᠠᠩ ᠶᠢᠨ ᠬᠤᠸᠠ᠂ ᠰᠠᠷᠠᠩᠭᠤ᠋ ᠥ᠎ᠠ ᠭᠤᠷᠪᠠᠳᠤᠭᠠᠷ ᠨᠡᠷᠡᠰ ᠲᠤ ᠲᠤᠳᠤᠷᠠᠵᠠᠢ︔ ᠡᠷᠡᠭᠳᠡᠢ ᠶᠢᠨ ᠲᠤᠭᠤᠢᠢᠯᠠᠩ ᠳᠤ᠂ ᠸᠠᠩ ᠴᠧᠩ ᠨᠢᠭᠡᠳᠤᠭᠡᠷ ᠨᠡᠷᠡᠰ᠂ ᠪᠤᠶᠠᠨᠳᠠᠯᠠᠢ᠂ ᠸᠠᠩ ᠴᠢ ᠱᠢ ᠰᠠᠨ ᠬᠤᠶᠠᠳᠤᠭᠠᠷ ᠨᠡᠷᠡᠰ᠂ ᠵᠠᠩ ᠽᠧ᠂ ᠪᠠᠯᠵᠤᠥᠷ᠂ ᠴᠢᠥᠸᠠᠨ ᠭᠠᠩ᠂ ᠢᠥᠢ ᠯᠦᠩ᠂ ᠦᠯᠵᠡᠶᠢᠮᠦ᠋ᠷᠠᠨ ᠭᠤᠷᠪᠠᠳᠤᠭᠠᠷ ᠨᠡᠷᠡᠰ ᠲᠤ ᠲᠤᠳᠤᠷᠠᠭᠰᠠᠨ ᠪᠠᠶᠢᠨ᠎ᠠ᠃    ᠬᠢᠨᠠᠭᠴᠢ ᠶᠢᠨ ᠲᠠᠷᠤᠭ᠎ᠠ ᠬᠠᠨ ᠱᠤᠸᠠᠩ ᠯᠦᠩ᠄ ︽2016 ᠤᠨ ᠳᠤ᠂ ᠠᠶᠢᠮᠠᠭ ᠤᠨ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ ᠠᠴᠠ ᠡᠮᠤᠨᠡᠳᠤ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢ ᠤᠯᠠᠮᠵᠢᠯᠠᠯᠳᠤ ᠰᠤᠷ ᠬᠠᠷᠪᠤᠯᠳᠠ ᠶᠢᠨ ᠰᠠᠭᠤᠷᠢᠨ ᠭᠠᠵᠠᠷ ᠢᠶᠠᠷ ᠲᠤᠭᠳᠠᠭᠠᠵᠤ᠂ ᠦᠨᠤᠳᠤᠷ ᠲᠤᠰ ᠰᠤᠷᠭᠠᠭᠤᠯᠢ ᠳᠤ ᠤᠷᠤᠯᠳᠤᠭᠠᠨ ᠢᠶᠠᠨ ᠶᠠᠪᠤᠭᠳᠠᠭᠤᠯᠤᠬᠰᠠᠨ ᠨᠢ ᠡ᠊᠊ᠨᠠ ᠪᠠᠶᠢᠯ᠎ᠠ᠃ ᠮᠠᠨ ᠤ ᠦᠨᠳᠤᠰᠤᠳᠡᠨ ᠤ ᠤᠯᠠᠮᠵᠢᠯᠠᠯᠳᠤ ᠪᠡᠶ᠎ᠠ ᠲᠠᠮᠢᠷ ᠤᠨ ᠰᠤᠶᠤᠯ ᠢᠶᠠᠨ ᠬᠠᠳᠠᠭᠠᠯᠠᠬᠤ ᠪᠠ ᠤᠯᠠᠮᠵᠢᠯᠠᠨ ᠬᠦᠭᠵᠢᠬᠦᠯᠬᠦ ᠡᠬᠦᠳᠡᠨ ᠠᠴᠠ ᠤᠷᠤᠯᠳᠤᠭᠠᠨ ᠢ ᠡᠷᠬᠢᠯᠡᠨ ᠶᠠᠪᠤᠭᠳᠠᠭᠤᠯᠵᠤ᠂ ᠮᠦᠨ ᠴᠤ ᠤᠳᠤᠬᠠᠨ ᠳᠤ ᠮᠠᠨ ᠤ ᠠᠶᠢᠮᠠᠭ ᠪᠡᠶ᠎ᠠ ᠲᠠᠮᠢᠷ ᠬᠢᠭᠡᠳ ᠵᠤᠭᠠᠴᠠᠯ᠂ ᠰᠤᠶᠤᠯ ᠬᠢᠭᠡᠳ ᠵᠤᠭᠠᠴᠠᠯ ᠢ ᠬᠠᠷᠢᠯᠴᠠᠨ ᠤᠶᠠᠯᠳᠤᠭᠤᠯᠬᠤ ᠳᠤ ᠬᠦᠴᠤᠯᠡᠨ᠂ ᠤᠬᠢ ᠰᠠᠶᠢᠨ ᠬᠦᠭᠵᠢᠯᠳᠠ ᠲᠠᠢ ᠪᠤᠯᠵᠤ ᠪᠤᠢ᠃ ᠡᠬᠦᠨ ᠳᠤ᠂ ᠡᠮᠤᠨᠠᠳᠤ ᠬᠤᠰᠢᠭᠤᠨ ᠤ ᠤᠯᠠᠭᠠᠨᠮᠤᠳᠤ ᠰᠤᠮᠤ᠂ ᠲᠤᠮᠳᠠᠳᠤ ᠬᠤᠰᠢᠭᠤᠨ ᠤ ᠵᠤᠭᠠᠴᠠᠯ ᠤᠨ ᠭᠠᠵᠠᠷ ᠢᠶᠠᠷ ᠪᠦᠷ ᠰᠤᠷ ᠬᠠᠷᠪᠤᠯᠳᠠ ᠶᠢᠨ ᠴᠡᠭ ᠭᠠᠷᠭᠠᠵᠤ᠂ ᠨᠡᠩ ᠤᠯᠠᠨ ᠬᠦᠮᠤᠰ ᠤᠨ ᠰᠤᠷ ᠬᠠᠷᠪᠤᠯᠳᠠ ᠶᠢᠨ ᠮᠡᠷᠭᠡᠵᠢᠯ ᠰᠤᠷᠬᠤ ᠤᠷᠮ᠎ᠠ ᠪᠠᠬ᠎ᠠ ᠶᠢ ᠬᠦᠭᠵᠢᠭᠡᠵᠠᠢ︾ ᠭᠡᠵᠤ ᠰᠤᠷᠪᠤᠯᠵᠢᠯᠠᠭ᠎ᠠ ᠬᠦᠯᠢᠶᠡᠬᠦ ᠳᠤ ᠪᠠᠨ ᠶᠠᠷᠢᠨ᠎ᠠ᠃   ︽ᠠᠶᠢᠮᠠᠭ ᠤᠨ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ ᠠᠴᠠ ᠵᠢᠯ ᠪᠦᠷᠢ ᠪᠢᠳᠡᠨ ᠳᠤ ᠡᠶᠢᠮᠤᠷᠬᠦᠤ ᠰᠠᠶᠢᠨ ᠠᠵᠠ ᠲᠤᠬᠢᠶᠠᠯ ᠬᠠᠩᠭᠠᠨ ᠦᠭᠴᠤ᠂ ᠤᠷᠤᠯᠳᠤᠭᠠᠨ ᠢᠶᠠᠷ ᠲᠠᠮᠵᠢᠨ ᠰᠤᠷᠴᠢᠳ ᠤᠨ ᠬᠠᠷᠪᠤᠯᠳᠠ ᠶᠢᠨ ᠮᠡᠷᠭᠡᠰᠢᠯ ᠢ ᠪᠤᠯᠪᠠᠰᠤᠷᠠᠩᠭᠤᠢ ᠪᠤᠯᠭᠠᠨ᠂ ᠢᠳᠡᠪᠬᠢᠵᠢᠯ ᠢ ᠨᠢ ᠲᠠᠶᠢᠴᠢᠯᠠᠵᠤ ᠴᠢᠳᠠᠵᠠᠢ᠃ ᠦᠨᠤᠳᠤᠷ ᠤᠨ ᠤᠷᠤᠯᠳᠤᠭᠠᠨ ᠳᠤ᠂ ᠮᠠᠨ ᠤ ᠨᠡᠶᠢᠭᠡᠮᠯᠢᠭ ᠠᠴᠠ 30 ᠭᠠᠷᠤᠢ ᠬᠦᠮᠤᠨ ᠤᠷᠤᠯᠴᠠᠵᠤ᠂ 4 ᠬᠦᠮᠤᠨ ᠨᠢ ᠪᠦᠬᠦ ᠤᠷᠤᠨ ᠤ ᠠᠷᠪᠠᠳᠤᠭᠠᠷ ᠬᠤᠭᠤᠴᠠᠭᠠᠨ ᠤ ᠴᠦᠬᠡᠨ ᠲᠤᠭᠠᠳᠤ ᠦᠨᠳᠤᠰᠤᠳᠡᠨ ᠤ ᠤᠯᠠᠮᠵᠢᠯᠠᠯᠳᠤ ᠪᠡᠶ᠎ᠠ ᠲᠠᠮᠢᠷ ᠤᠨ ᠴᠤᠭᠯᠠᠭᠠᠨ ᠤ ᠰᠤᠷ ᠬᠠᠷᠪᠤᠯᠳᠠ ᠶᠢᠨ ᠲᠠᠮᠢᠷᠴᠢᠨ ᠢᠶᠠᠷ ᠰᠤᠩᠭᠤᠭᠳᠠᠪᠡ᠃ ᠪᠢᠳᠠ ᠬᠤᠵᠢᠮ ᠤᠯᠠᠮᠵᠢᠯᠠᠯᠳᠤ ᠰᠤᠷ ᠬᠠᠷᠪᠤᠯᠳᠠ ᠪᠠᠨ ᠨᠡᠩ ᠢᠯᠡᠬᠦᠥ ᠤᠯᠠᠮᠵᠢᠯᠠᠨ ᠲᠡᠯᠭᠡᠷᠡᠬᠦᠯᠬᠦ ᠪᠠᠷ ᠬᠦᠴᠤᠯᠡᠨ ᠴᠢᠷᠮᠠᠶᠢᠨ᠎ᠠ︾ ᠭᠡᠵᠤ ᠬᠢᠩᠭᠠᠨ ᠠᠶᠢᠮᠠᠭ ᠤᠨ ᠬᠤᠷᠴᠢᠨ ᠮᠤᠩᠭᠤᠯ ᠤᠯᠠᠮᠵᠢᠯᠠᠯᠳᠤ ᠰᠤᠷ ᠬᠠᠷᠪᠤᠯᠳᠠ ᠶᠢᠨ ᠨᠡᠶᠢᠭᠡᠮᠯᠢᠭ ᠤᠨ ᠲᠠᠷᠤᠭ᠎ᠠ ᠵᠠᠩ ᠢ ᠠᠴᠠ ᠬᠡᠯᠡᠨ᠎ᠠ᠃    ᠡᠮᠡᠭᠳᠡᠢ ᠶᠢᠨ ᠲᠤᠭᠤᠢᠢᠯᠠᠩ ᠤᠨ ᠤᠷᠤᠯᠳᠤᠭᠠᠨ ᠳᠤ ᠬᠤᠶᠠᠳᠤᠭᠠᠷ ᠨᠡᠷᠡᠰ ᠲᠤ ᠲᠤᠳᠤᠷᠠᠬᠰᠠᠨ ᠰᠤᠷᠴᠢᠨ ᠪᠤᠤ ᠶᠢᠨ ᠮᠸᠢ    11 ᠰᠠᠷ᠎ᠠ ᠶᠢᠨ 13 ᠤ ᠡᠳᠦᠷ᠂ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠲᠠᠮᠢᠷ ᠤᠨ ᠲᠠᠯᠠᠪᠠᠢ ᠳᠤ ᠰᠤᠷ ᠬᠠᠷᠪᠤᠯᠳᠡ ᠶᠢᠨ ᠠᠷᠢᠭᠤᠨ ᠭᠠᠯ ᠢᠶᠠᠨ ᠨᠤᠴᠤᠭᠠᠵᠤ᠂ ᠢᠷᠤᠭᠡᠯᠴᠢ ᠠᠴᠠ ︽ᠨᠤᠮᠤ ᠰᠤᠮᠤᠨ ᠤ ᠮᠠᠬᠳᠠᠭᠠᠯ︾ ᠤᠡᠭᠰᠢᠵᠤ᠂ ᠰᠤᠷᠴᠢᠳ ᠠᠷᠢᠭᠤᠨ ᠭᠠᠯ ᠢᠶᠠᠨ ᠲᠤᠭᠤᠷᠢᠵᠤ ᠬᠤᠷᠴᠢᠨ ᠤᠯᠠᠮᠵᠢᠯᠠᠯᠳᠤ ᠰᠤᠷ ᠬᠠᠷᠪᠤᠯᠳᠡ ᠶᠢᠨ ᠶᠤᠰᠤ ᠪᠠᠷ ᠨᠤᠮᠤ ᠰᠠᠭᠠᠳᠠᠭ ᠢᠶᠠᠨ ᠠᠷᠢᠭᠤᠳᠬᠠᠵᠤ᠂ ᠨᠢᠵᠢᠬᠢᠷ ᠨᠠᠭᠠᠳᠤᠮ ᠳᠤ ᠪᠦᠭᠦᠳᠡᠭᠡᠷ ᠪᠠᠶᠠᠰᠤᠯᠴᠠᠨ᠎ᠠ᠃ ᠤᠯᠠᠨ ᠰᠤᠷᠴᠢᠨ ᠤ ᠪᠠᠨ ᠲᠤᠮᠳᠠ ᠤᠳᠤᠨ ᠰᠢᠭ᠋ ᠭᠢᠯᠠᠯᠵᠠᠵᠤ᠂ ᠤᠷᠡᠨ ᠬᠠᠳᠬᠤᠮᠡᠯ ᠲᠠᠢ ᠴᠠᠭᠠᠨ ᠦᠡᠭᠭᠡ ᠶᠢᠨ ᠲᠡᠷᠯᠢᠭ ᠡᠮᠤᠰᠴᠤ᠂ ᠭᠠᠷ ᠲᠠᠬᠢ ᠨᠤᠮᠤ ᠪᠠᠨ ᠲᠡᠯᠢᠵᠤ ᠰᠠᠷᠠᠨ ᠫᠠᠢ ᠬᠠᠷᠪᠤᠵᠤ ᠤᠨᠤᠭᠠᠵᠤ ᠪᠠᠶᠢᠬᠰᠠᠨ ᠭᠤᠶᠤᠬᠠᠨ ᠪᠦᠰᠡᠭᠦᠢ ᠬᠠᠷᠠᠭ᠎ᠠ ᠶᠢ ᠪᠤᠯᠢᠶᠠᠨ᠎ᠠ᠃ ᠲᠡᠬᠦᠨ ᠤ ᠨᠡᠷ᠎ᠠ ᠶᠢ ᠪᠤᠤ ᠶᠢᠨ ᠮᠸᠢ ᠭᠡᠳᠡᠭ᠃ᠪᠤᠤ ᠶᠢᠨ ᠮᠸᠢ ᠬᠢᠨᠭ᠍ᠭᠠᠨ ᠠᠶᠢᠮᠠᠭ ᠤᠨ ᠭᠤᠷᠪᠠᠳᠤᠭᠠᠷ ᠬᠤᠭᠤᠴᠠᠭᠠᠨ ᠤ ︽ᠬᠤᠷᠴᠢᠨ︾ ᠨᠡᠷᠡᠮᠵᠢᠳᠤ ᠤᠯᠠᠮᠵᠢᠯᠠᠯᠳᠤ ᠰᠤᠷ ᠬᠠᠷᠪᠤᠯᠳᠡ ᠶᠢᠨ ᠤᠷᠤᠯᠳᠤᠭᠠᠨ ᠵᠢᠴᠢ ᠪᠦᠬᠦ ᠤᠷᠤᠨ ᠤ ᠠᠷᠪᠠᠳᠤᠭᠠᠷ ᠬᠤᠭᠤᠴᠠᠭᠠᠨ ᠤ ᠴᠦᠬᠡᠨ ᠲᠤᠭᠠᠳᠤ ᠦᠨᠳᠤᠰᠤᠳᠡᠨ ᠤ ᠤᠯᠠᠮᠵᠢᠯᠠᠯᠳᠤ ᠪᠡᠶ᠎ᠠ ᠲᠠᠮᠢᠷ ᠤᠨ ᠴᠤᠬᠯᠠᠭᠠᠨ ᠤ ᠰᠤᠷ ᠬᠠᠷᠪᠤᠯᠳᠡ ᠶᠢᠨ ᠲᠠᠮᠢᠷᠴᠢᠨ ᠢ ᠰᠢᠯᠢᠨ ᠰᠤᠩᠭᠤᠬᠤ ᠤᠷᠤᠯᠳᠤᠭᠠᠨ ᠡᠮᠤᠨᠡᠳᠤ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠳᠤ ᠶᠠᠪᠤᠬᠳᠠᠬᠤ ᠪᠠᠷ ᠪᠤᠯᠤᠬᠰᠠᠨ ᠪᠠᠶᠠᠷ ᠤᠨ ᠴᠢᠮᠡᠭᠡ ᠶᠢ ᠲᠤᠭᠤᠯᠤᠬᠰᠠᠨ ᠤ ᠲᠠᠷᠠᠭ᠎ᠠ ᠦᠷᠯᠤᠭᠡ ᠡᠷᠳᠡ ᠶᠢᠨ ᠭᠤᠷᠪᠡᠨ ᠴᠠᠭ ᠲᠤ ᠪᠤᠰᠤᠭᠠᠳ ᠮᠠᠨᠵᠤᠲ᠋ᠦ᠋ᠨ ᠤ ᠮᠠᠨᠵᠤ ᠦᠨᠳᠤᠰᠤᠳᠡᠨ ᠤ ᠰᠢᠶᠠᠩ ᠤᠨ ᠤᠯᠠᠭᠠᠨ᠋ᠤᠳᠤ ᠭᠠᠴᠠᠭ᠎ᠠ ᠠᠴᠠ ᠰᠡᠳᠬᠢᠯ ᠲᠦᠭᠦᠷᠡᠩ ᠬᠦᠷᠴᠤ ᠢᠷᠡᠭᠰᠡᠨ ᠪᠠᠶᠢᠯ᠎ᠠ᠃    ᠪᠤᠤ ᠶᠢᠨ ᠮᠸᠢ ᠡᠨᠡ ᠵᠢᠯ 33 ᠨᠠᠰᠤᠳᠠᠢ᠂ ᠤᠶᠤᠳᠠᠯ ᠬᠠᠳᠬᠤᠮᠡᠯ ᠳᠤ ᠲᠤᠷ᠎ᠠ ᠪᠠᠬ᠎ᠠ ᠲᠠᠢ᠂ ᠤᠷᠳᠤ ᠬᠤᠭᠤᠴᠠᠭ᠎ᠠ ᠪᠠᠷ ᠬᠠᠳᠬᠤᠵᠤ ᠤᠷᠠᠯᠠᠵᠤ ᠰᠠᠭᠤᠬᠤ ᠳᠤ ᠬᠦᠵᠤᠬᠦᠨ ᠤ ᠶᠠᠰᠤ ᠬᠠᠷᠴᠠᠭ᠎ᠠ ᠶᠢᠨ ᠶᠠᠰᠤ ᠨᠢ ᠡᠪᠡᠳᠬᠦ ᠶᠤᠮ ᠭᠡᠨ᠎ᠠ᠃ ᠡᠭᠦᠨ ᠤ ᠲᠤᠬᠠᠢ ᠠᠶᠢᠯ ᠠᠶᠢᠮᠠᠭ ᠤᠨ ᠬᠢᠨ ᠠᠬᠠᠮᠡᠳ ᠬᠦᠮᠦᠰ ᠠᠴᠠ ᠰᠤᠷ ᠬᠠᠷᠪᠤᠪᠡᠯ ᠨᠢᠷᠤᠭᠤ ᠰᠡᠭᠡᠷ ᠡᠪᠡᠳᠬᠦ ᠶᠢ ᠵᠠᠰᠠᠵᠤ ᠲᠠᠶᠢᠯᠤᠨ᠎ᠠ ᠭᠡᠵᠤ ᠰᠠᠨᠠᠭᠤᠯᠤᠬᠰᠠᠨ ᠳᠤ ᠪᠤᠤ ᠶᠢᠨ ᠮᠸᠢ ᠬᠤᠶᠠᠷ ᠵᠢᠯ ᠤᠨ ᠡᠮᠤᠨ᠎ᠠ ᠠᠴᠠ ᠡᠬᠢᠯᠡᠨ ᠰᠤᠷ ᠬᠠᠷᠪᠤᠯᠳᠡ ᠰᠤᠷᠤᠬᠰᠠᠨ ᠪᠠᠶᠢᠨ᠎ᠠ᠃ ᠲᠡᠷᠡᠪᠡᠷ ᠡᠮᠤᠨᠡᠳᠤ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠪᠤᠶᠠᠨᠳᠠᠯᠠᠢ ᠪᠠᠭᠰᠢ ᠠᠴᠠ ᠰᠤᠷ ᠬᠠᠷᠪᠤᠭ᠎ᠠ ᠶᠢᠨ ᠤᠷ᠎ᠠ ᠮᠡᠷᠭᠡᠵᠢᠯ ᠰᠤᠷᠴᠤ᠂ ᠦᠪᠡᠷ ᠢᠶᠠᠨ ᠵᠤᠷᠢᠭ ᠰᠦᠰᠤ ᠲᠠᠢ ᠴᠢᠷᠮᠠᠶᠢᠨ ᠪᠤᠯᠪᠠᠰᠤᠷᠠᠬᠰᠠᠨ ᠢᠶᠠᠷ ᠦᠯᠤ ᠪᠠᠷᠠᠨ᠂ 13 ᠨᠠᠰᠤᠳᠠᠢ ᠬᠡᠤᠬᠡᠨ ᠢᠶᠠᠨ ᠴᠤ ᠲᠠᠭᠠᠭᠤᠯᠤᠨ ᠰᠤᠷ ᠬᠠᠷᠪᠤᠨ ᠪᠤᠯᠪᠠᠰᠤᠷᠠᠵᠤ ᠦᠨᠳᠤᠰᠤᠳᠡᠨ ᠤ ᠤᠯᠠᠮᠵᠢᠯᠠᠯᠳᠤ ᠰᠤᠶᠤᠯ ᠢᠶᠠᠨ ᠦᠷ᠎ᠠ ᠬᠤᠶᠢᠴᠢᠰ ᠲᠤ ᠪᠠᠨ ᠤᠯᠠᠮᠵᠢᠯᠠᠬᠤ ᠪᠠᠷ ᠬᠦᠴᠤᠯᠡᠨ ᠴᠢᠷᠮᠠᠶᠢᠨ᠎ᠠ᠃ ᠪᠤᠤ ᠶᠢᠨ ᠮᠸᠢ ᠦᠢᠷ᠎ᠠ ᠶᠢᠨ ᠬᠤᠶᠠᠷ ᠵᠢᠯ ᠤᠨ ᠬᠤᠭᠤᠴᠠᠭᠠᠨ ᠳᠤ᠂ ᠠᠶᠢᠮᠠᠭ ᠤᠨ ᠨᠠᠭᠠᠳᠤᠮ ᠤᠨ ᠤᠷᠤᠯᠳᠤᠭᠠᠨ᠂ ᠠᠬ᠎ᠠ ᠲᠡᠭᠦᠤ ᠠᠶᠢᠮᠠᠭ ᠬᠤᠳᠠ ᠶᠢᠨ ᠨᠠᠭᠠᠳᠤᠮ ᠤᠨ ᠬᠤᠷᠠᠯ ᠵᠢᠴᠢ ᠠᠶᠢᠯ ᠤᠨ ᠨᠠᠰᠤᠳᠠᠶᠢᠴᠤᠳ ᠤᠨ ᠨᠠᠰᠤᠨ ᠪᠠᠶᠠᠷ ᠤᠨ ᠨᠠᠶᠢᠷ ᠤᠨ ᠰᠤᠷ ᠬᠠᠷᠪᠤᠯᠳᠡ ᠶᠢᠨ ᠤᠷᠤᠯᠳᠤᠭᠠᠨ ᠳᠤ ᠤᠷᠤᠯᠴᠠᠭᠠᠳ ᠱᠠᠩᠨᠡᠯ ᠬᠦᠭᠢᠬᠦᠯᠤᠯ ᠢᠶᠠᠷ ᠢᠶᠠᠨ ᠭᠡᠷ ᠡᠷᠤᠬᠡ ᠪᠠᠨ ᠭᠡᠷᠡᠯᠳᠤᠭᠦᠯᠵᠤ ᠶᠠᠪᠤᠯ᠎ᠠ᠃    ᠦᠨᠤ ᠤᠳᠠᠭ᠎ᠠ ᠲᠡᠷᠡᠪᠡᠷ ᠡᠨᠡᠬᠦ ᠠᠶᠢᠮᠠᠭ ᠤᠨ ᠲᠡᠰ ᠤᠨ ᠤᠷᠤᠯᠳᠤᠭᠠᠨ ᠳᠤ᠂ ᠡᠮᠡᠭᠳᠡᠢ ᠶᠢᠨ ᠲᠤᠭᠤᠢᠢᠯᠠᠩ ᠤᠨ ᠬᠤᠶᠠᠳᠤᠭᠠᠷ ᠨᠡᠷᠡᠰ ᠲᠤ ᠲᠤᠳᠤᠷᠠᠬᠰᠠᠨ ᠳᠤ ᠪᠠᠨ ᠲᠦᠢᠯ ᠢᠶᠠᠷ ᠪᠠᠶᠠᠷᠯᠠᠵᠤ᠂ ᠬᠤᠵᠢᠮ ᠨᠡᠩ ᠰᠠᠶᠢᠨ ᠪᠤᠯᠪᠠᠰᠤᠷᠠᠵᠤ᠂ ᠦᠨᠳᠤᠰᠤᠳᠡᠨ ᠤ ᠤᠯᠠᠮᠵᠢᠯᠠᠯᠳᠤ ᠵᠠᠩ ᠰᠤᠶᠤᠯ ᠢᠶᠠᠨ ᠤᠯᠠᠮᠵᠢᠯᠠᠨ ᠲᠡᠯᠭᠡᠷᠡᠭᠦᠯᠤᠨ᠎ᠠ ᠭᠡᠵᠤ ᠪᠠᠶᠠᠷᠳᠠᠢ ᠬᠡᠯᠡᠵᠤ ᠪᠠᠶᠢᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号