ᠭᠡᠭᠡᠯ ᠬᠠᠶᠠᠬᠤ ᠭᠡᠬᠦᠦ᠄ ᠶᠡᠷᠦ ᠳᠤ ᠪᠠᠨ ᠡᠮᠨᠡᠵᠦ ᠵᠠᠰᠠᠳᠠᠬ ᠦᠭᠡᠢ᠂ ᠭᠡᠷᠪᠡ ᠪᠡᠶ᠎ᠠ ᠶᠢᠨ ᠳᠤᠯᠠᠭᠠᠨ ᠨᠢ | ᠳᠡᠭᠡᠭᠰᠢᠯᠡᠭᠰᠡᠨ ᠪᠠᠶᠢᠪᠠᠯ ᠯᠢᠶᠠᠨ ᠮᠸᠢ ᠰᠤ᠋ ᠶᠢ 1 ~ 3g ᠢᠶᠠᠷ ᠪᠤᠯᠴᠢᠩ ᠳᠤ ᠨᠢ 5 ᠡᠳᠦᠷ ᠳᠠᠷᠢᠨ᠎ᠠ᠃ ᠪᠠᠰᠠ | ᠪᠤᠯᠴᠢᠩ ᠤᠨ ᠬᠦᠨ ᠭᠡᠰᠡᠭ ᠲᠤ ᠲᠦ᠋ ᠮᠸᠢ ᠰᠤ᠋ ᠶᠢ 2 ~ 3g ᠢᠶᠠᠷ ᠦᠨᠵᠢᠭᠡᠳ ᠨᠢᠭᠡ ᠤᠳᠠᠭ᠎ᠠ ᠪᠠᠷ | ᠦᠷᠬᠦᠯᠵᠢᠯᠡᠨ 5~ 10 ᠤᠳᠠᠭ᠎ᠠ ᠳᠠᠷᠢᠨ᠎ᠠ᠃ | ᠭᠡᠮᠨᠡᠭᠰᠡᠨ ᠠᠵᠢᠷᠭ᠎ᠠ᠄ ᠡᠬᠦᠨ ᠳᠤ ᠲᠦ᠋ ᠮᠸᠢ ᠰᠤ᠋ ᠪᠤᠶᠤ ᠯᠢᠶᠠᠨ ᠮᠸᠢ ᠰᠤ᠋ ᠭᠡᠷᠡᠭᠯᠡᠵᠦ ᠪᠤᠯᠤᠨ᠎ᠠ᠂ ᠵᠠᠰᠠᠭ᠎ᠠ ᠨᠢ | ᠬᠠᠪᠤᠳᠤᠬᠰᠠᠨ ᠪᠤᠯ ᠬᠠᠴᠢᠷᠯᠠᠬᠰᠠᠨ ᠼᠤᠤ ᠳᠤᠭᠤᠯᠭ᠎ᠠ ᠶᠢᠨ ᠨᠤᠨᠳᠠᠬ ᠢ ᠼᠤᠤ ᠪᠠᠷ ᠨᠠᠶᠢᠷᠠᠭᠤᠯᠵᠦ ᠵᠢᠭᠤᠷᠠᠭᠠᠳ | ᠵᠠᠰᠠᠭ᠎ᠠ ᠶᠢᠨ ᠬᠠᠪᠤᠳᠤᠬᠰᠠᠨ ᠭᠡᠰᠡᠭ ᠲᠤ ᠨᠢ ᠬᠠᠪᠤᠳᠠᠷ ᠢ ᠨᠢ ᠠᠷᠢᠯᠳᠠᠯ᠎ᠠ ᠲᠦᠷᠬᠢᠨ᠎ᠠ᠃ ᠭᠡᠷᠪᠡ ᠵᠠᠰᠠᠭ᠎ᠠ ᠨᠢ | ᠤᠳᠠᠭᠠᠨ ᠬᠠᠪᠤᠳᠴᠦ ᠬᠠᠳᠠᠭᠤᠷᠠᠬᠰᠠᠨ ᠪᠠᠶᠢᠪᠠᠯ 10 % ᠶᠢᠨ ᠳᠠᠷᠪᠠᠭ᠋ᠠᠢ ᠶᠢᠨ ᠳᠤᠰᠤᠨ ᠬᠠᠨᠳᠠ ᠡᠮ ᠢ ᠭᠡᠰᠡᠭ | ᠭᠠᠵᠠᠷ ᠲᠤ ᠨᠢ ᠲᠦᠷᠬᠢᠵᠦ ᠪᠤᠯᠤᠨ᠎ᠠ᠃ ᠮᠤᠨᠳᠠᠭ᠎ᠠ ᠶᠢᠨ ᠭᠡᠰᠡᠭ ᠴᠤᠭᠤᠷᠠᠬᠰᠠᠨ ᠪᠤᠯ ᠭᠠᠳᠠᠷ ᠡᠮᠨᠡᠯᠭᠡ ᠶᠢᠨ | ᠵᠠᠰᠠᠯᠭ᠎ᠠ ᠪᠠᠷ ᠡᠮᠴᠢᠯᠡᠬᠦ ᠭᠡᠷᠡᠭᠳᠠᠢ᠃ | ᠭᠡᠮᠨᠡᠭᠰᠡᠨ ᠨᠢᠷᠠᠢ ᠤᠨᠠᠭ᠎ᠠ᠄ ᠯᠢᠶᠠᠨ ᠮᠸᠢ ᠰᠤ᠋ ᠶᠢ ᠤᠳᠠᠭ᠎ᠠ ᠪᠦᠷᠢ 1g ᠢᠶᠠᠷ ᠪᠤᠯᠴᠢᠩ ᠳᠤ ᠳᠠᠷᠢᠨ᠎ᠠ᠃ | ᠡᠰᠡᠬᠦᠯ᠎ᠠ ᠲᠦ᠋ ᠮᠸᠢ ᠰᠤ᠋ 1g ᠢ 5% ᠶᠢᠨ ᠡᡁᠯᠤᠷᠳᠦ ᠮᠠᠬᠨᠢ ᠶᠢᠨ ᠠᠭᠤᠰᠤᠮᠠᠯ ᠳᠤ 10 ~20ml ᠢᠶᠠᠷ | ᠠᠭᠤᠰᠬᠠᠵᠦ᠂ ᠪᠤᠯᠴᠢᠩ ᠤᠨ ᠬᠦᠨ ᠭᠡᠰᠡᠭ ᠲᠤ ᠨᠢᠭᠡ ᠤᠳᠠᠭ᠎ᠠ ᠳᠤ ᠭᠡᠳᠤᠨ ᠭᠠᠵᠠᠷ ᠲᠤ ᠬᠤᠪᠢᠶᠠᠵᠦ ᠳᠠᠷᠢᠨ᠎ᠠ᠂ | ᠦᠨᠵᠢᠭᠡᠳ ᠨᠢᠭᠡ ᠤᠳᠠᠭ᠎ᠠ ᠪᠠᠷ 5 ᠡᠳᠦᠷ ᠵᠠᠯᠭᠠᠵᠦ ᠭᠡᠷᠡᠭᠯᠡᠭᠡᠳ 2 ᠡᠳᠦᠷ ᠡᠮ ᠭᠡᠷᠡᠭᠯᠡᠬᠦ ᠪᠠᠨ ᠵᠤᠬᠰᠤᠬᠤ ᠶᠢ | ᠨᠢᠭᠡ ᠡᠮᠴᠢᠯᠡᠭᠡᠨ ᠤ ᠬᠤᠭᠤᠴᠠᠭ᠎ᠠ ᠪᠤᠯᠭᠠᠨ᠎ᠠ᠃ ᠭᠡᠷᠪᠡ ᠦᠶ᠎ᠠ ᠭᠡᠰᠢᠬᠦᠨ ᠤ ᠦᠷᠪᠢᠰᠤᠯ ᠡᠬᠦᠰᠪᠡᠯ 80 ~ 100 | ᠲᠦᠮᠡᠨ ᠨᠢᠭᠡᠴᠢ ᠴᠢᠩ ᠮᠸᠢ ᠰᠤ᠋ ᠶᠢ 0.5%~1% ᠶᠢᠨ ᠳᠠᠪᠤᠰᠤᠨ ᠬᠦᠴᠢᠯ ᠤᠨ ᠫᠠᠷᠦᠺᠠᠶ᠋ᠢᠨ ᠤ | ᠠᠭᠤᠰᠤᠮᠠᠯ ᠳᠤ 5~ 10ml ᠠᠭᠤᠰᠬᠠᠭᠠᠳ ᠦᠶ᠎ᠠ ᠶᠢᠨ ᠬᠦᠨᠳᠡᠢ ᠳᠤ ᠨᠢ ᠡᠳᠦᠷ ᠪᠦᠷᠢ ᠳᠠᠷᠢᠵᠦ ᠤᠷᠤᠭᠤᠯᠬᠤ | ᠭᠡᠷᠡᠭᠳᠠᠢ᠃ ᠭᠡᠰᠡᠭ ᠭᠠᠵᠠᠷ ᠲᠤ ᠨᠢ ᠬᠠᠪᠤᠳᠠᠷ ᠲᠠᠢ ᠪᠤᠯ ᠬᠠᠴᠢᠷᠯᠠᠬᠰᠠᠨ ᠼᠤᠤ ᠳᠤᠭᠤᠯᠭ᠎ᠠ ᠶᠢᠨ ᠨᠤᠨᠳᠠᠬ ᠪᠤᠶᠤ | 10% ᠶᠢᠨ ᠳᠠᠪᠠᠷᠬᠠᠢ ᠶᠢᠨ ᠳᠤᠰᠤᠨ ᠬᠠᠨᠳᠠ ᠡᠮ ᠢ ᠳᠤᠷᠬᠢᠵᠦ ᠪᠠᠰᠠ ᠪᠤᠯᠤᠨ᠎ᠠ᠃ ᠴᠢᠬᠤᠯᠠᠳᠠᠢ ᠦᠶ᠎ᠠ ᠳᠤ | ᠦᠶ᠎ᠠ ᠶᠢᠨ ᠬᠠᠪᠤᠳᠠᠷ ᠠᠴᠠ ᠨᠡᠪᠴᠢᠭᠰᠡᠨ ᠰᠢᠩᠭᠡᠨ ᠢ ᠪᠠᠺᠲ᠋ᠧᠷᠢ ᠦᠭᠡᠢ ᠳᠠᠷᠢᠯᠭ᠎ᠠ ᠶᠢᠨ ᠪᠠᠭᠠᠵᠢ ᠪᠠᠷ ᠳᠡᠳᠡᠨ | ᠭᠠᠷᠭᠠᠵᠦ ᠪᠤᠯᠤᠨ᠎ᠠ᠃ ᠭᠡᠮᠨᠡᠭᠰᠡᠨ ᠤᠨᠠᠭ᠎ᠠ ᠪᠠᠭᠠᠰᠦ ᠠᠯᠳᠠᠵᠦ ᠪᠠᠶᠢᠪᠠᠯ ᠯᠦ ᠮᠸᠢ ᠰᠤ᠋ ᠤᠯᠭᠤᠵᠦ ᠪᠤᠯᠤᠨ᠎ᠠ᠂ | ᠤᠳᠠᠭ᠎ᠠ ᠪᠦᠷᠢ 1~1.5g ᠢᠶᠠᠷ ᠡᠳᠦᠷ ᠲᠤ 2 ᠤᠳᠠᠭ᠎ᠠ᠂ 3 ~ 4 ᠡᠳᠦᠷ ᠵᠠᠯᠭᠠᠵᠦ ᠭᠡᠷᠡᠭᠯᠡᠨ᠎ᠠ᠂ ᠡᠰᠡᠬᠦᠯ᠎ᠠ | ᠡᡁᠧ ᠮᠸᠢ ᠰᠤ᠋ ᠶᠢ ᠡᠳᠦᠷ ᠪᠦᠷᠢ ᠪᠡᠶ᠎ᠠ ᠶᠢᠨ ᠵᠢᠩ ᠤᠨ ᠺᠢᠯᠦᠭᠷᠡᠮ ᠪᠦᠷᠢ ᠳᠤ 5~7ml ᠢᠶᠠᠷ᠂ ᠢᠰᠭᠡᠬᠦᠷ ᠢ 2 | ~ 3g ᠢᠶᠠᠷ 3 ᠤᠳᠠᠭ᠎ᠠ ᠬᠤᠪᠢᠶᠠᠵᠦ ᠤᠯᠭᠤᠨ᠎ᠠ᠂ 5 ᠡᠳᠦᠷ ᠢ ᠨᠢᠭᠡ ᠡᠮᠴᠢᠯᠡᠭᠡᠨ ᠤ ᠬᠤᠭᠤᠴᠠᠭ᠎ᠠ ᠪᠤᠯᠭᠠᠨ᠎ᠠ᠃ |