— ︽ᠬᠢᠩᠭᠠᠨ ᠠᠶᠢᠮᠠᠭ ᠤᠨ ᠳᠤᠳᠤᠷᠭ᠎ᠠ︾ ᠶᠢᠨ ᠨᠡᠷ᠎ᠡ ᠠᠯᠳᠠᠷᠰᠢᠯ ᠤᠨ ᠳᠤᠬᠠᠢ ᠳᠡᠮᠳᠡᠭᠯᠡᠪᠡ | ︽ᠠᠷᠠᠳ ᠢᠷᠭᠡᠳ ᠪᠤᠯᠪᠠᠰᠤ ᠠᠮᠤ ᠪᠤᠳᠠᠭ᠎ᠠ ᠪᠠᠷ ᠠᠮᠢ ᠭᠤᠤᠯ ᠢᠶᠠᠨ ᠪᠤᠯᠭᠠᠮᠤᠢ︾᠃ ᠳᠤᠳᠤᠷᠭ᠎ᠠ ᠠᠮᠤ ᠨᠢ | ᠡᠷᠲᠡ ᠳᠡᠭᠡᠳᠦ ᠠᠴᠠ ᠠᠷᠠᠳ ᠢᠷᠭᠡᠳ ᠤᠨ ᠬᠤᠭᠤᠯᠠᠨ ᠰᠢᠷᠡᠭᠡᠨ ᠤ ᠭᠤᠤᠯ ᠢᠳᠡᠭᠡᠨ ᠤ ᠨᠢᠭᠡ ᠨᠢ ᠪᠤᠯᠤᠭᠰᠠᠭᠠᠷ | ᠢᠷᠡᠵᠡᠢ᠃ ᠳᠤᠳᠤᠷᠭ᠎ᠠ ᠠᠮᠤ ᠶᠢ ᠬᠡᠯᠡᠬᠦ ᠪᠠᠷ ᠬᠢᠩᠭᠠᠨ ᠠᠶᠢᠮᠠᠭ ᠤᠨ ᠳᠤᠳᠤᠷᠭ᠎ᠠ ᠶᠢ ᠡᠷᠬᠡᠪᠰᠢ ᠳᠤᠷᠠᠳᠬᠤ ᠶᠤᠰᠤᠳᠠᠢ | ᠃ ᠤᠢᠢᠷ᠎ᠠ ᠶᠢᠨ ᠬᠡᠳᠦᠨ ᠵᠢᠯ᠂ ᠬᠢᠩᠭᠠᠨ ᠠᠶᠢᠮᠠᠭ ᠤᠨ ᠳᠤᠳᠤᠷᠭ᠎ᠠ ᠨᠢ ︽ᠰᠠᠶᠢᠨ ᠠᠮᠤ︾ ᠠᠴᠠ ᠪᠠᠨ ︽ᠨᠠᠷᠠᠳᠤ | ᠠᠮᠤ︾ ᠪᠤᠯᠵᠤ᠂ ᠤᠷᠴᠢᠮᠬᠠᠨ ᠪᠠᠰᠠ ︽ᠮᠤᠩᠭᠤᠯ︾ ᠦᠰᠦᠭᠳᠤ ᠳᠦᠷᠦᠯ ᠳᠡᠮᠳᠡᠭ ᠢᠶᠠᠨ ᠨᠡᠶᠢᠰᠯᠡᠯ ᠬᠤᠳᠠ ᠳᠤ | ᠨᠡᠶᠢᠳᠡᠯᠡᠭᠦᠯᠵᠤ᠂ ᠳᠠᠯ᠎ᠠ ᠨᠤᠳᠤᠭ ᠤᠨ ᠰᠢᠯᠢᠳᠡᠭ ᠪᠦᠳᠦᠭᠡᠭᠳᠡᠭᠦᠨ ᠢᠶᠠᠷ ᠦᠨᠡᠯᠡᠭᠳᠡᠭᠰᠡᠨ ᠪᠠᠶᠠᠷ ᠤᠨ ᠴᠢᠮᠡᠭᠡ ᠠᠶᠢᠮᠠᠭ | ᠳᠠᠶᠠᠭᠠᠷ ᠤᠯᠠᠮᠵᠢᠯᠠᠭᠳᠠᠯ᠎ᠠ᠃ | ᠡᠳᠡᠭᠡᠷ ᠠᠮᠵᠢᠯᠳᠡ ᠪᠦᠳᠦᠮᠵᠢ ᠢᠷᠠᠭᠤ ᠠᠯᠳᠠᠷ ᠤᠨ ᠠᠷᠤ ᠳᠤ ᠨᠠᠮ ᠵᠠᠰᠠᠭ ᠤᠨ ᠬᠠᠶᠢᠷ᠎ᠠ ᠬᠠᠯᠠᠮᠵᠢ ᠪᠠ | ᠰᠢᠢᠳᠪᠦᠷᠢᠳᠦ ᠪᠤᠳᠤᠯᠭ᠎ᠠ ᠳᠤᠳᠠᠭᠳᠠᠵᠤ ᠪᠤᠯᠤᠰᠢ ᠦᠭᠡᠢ ᠶᠤᠮ᠃ ᠤᠢᠢᠷ᠎ᠠ ᠶᠢᠨ ᠬᠡᠳᠦᠨ ᠵᠢᠯ᠂ ᠬᠢᠩᠭᠠᠨ | ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠠᠴᠠ ᠮᠠᠨ ᠤ ᠠᠶᠢᠮᠠᠭ ᠲᠤ ᠤᠨᠴᠠ ᠪᠠᠶᠢᠳᠠᠭ ᠠᠮᠢ ᠠᠬᠤᠢ | ᠂ ᠪᠠᠶᠢᠭᠠᠯᠢ ᠶᠢᠨ ᠡᠬᠢ ᠪᠠᠶᠠᠯᠢᠭ ᠲᠤ ᠪᠠᠨ ᠲᠦᠰᠢᠭᠯᠡᠨ᠂ ᠬᠢᠩᠭᠠᠨ ᠠᠶᠢᠮᠠᠭ ᠢᠶᠠᠨ ᠳᠠᠷᠢᠶᠠᠯᠠᠩ ᠤᠨ ᠳᠤᠮᠤ ᠠᠶᠢᠮᠠᠭ | ᠪᠤᠯᠭᠠᠨ ᠬᠡᠯᠪᠡᠷᠢ ᠶᠢ ᠬᠤᠪᠢᠷᠠᠭᠤᠯᠬᠤ ᠵᠠᠮ ᠢ ᠬᠠᠶᠢᠨ ᠰᠦᠪᠡᠭᠴᠢᠯᠡᠵᠤ᠂ ᠵᠠᠰᠠᠭ ᠤᠨ ᠤᠷᠳᠤᠨ᠂ ᠠᠵᠤ ᠠᠬᠤᠢᠢᠯᠠᠯ᠂ | ᠳᠠᠷᠢᠶᠠᠴᠢᠳ ᠬᠦᠴᠦᠨ ᠢᠶᠠᠨ ᠬᠠᠮᠳᠤᠷᠠᠭᠤᠯᠤᠨ ︽ᠬᠢᠩᠭᠠᠨ ᠠᠶᠢᠮᠠᠭ ᠤᠨ ᠳᠤᠳᠤᠷᠭ᠎ᠠ︾ ᠶᠢᠨ ᠳᠦᠷᠦᠯ ᠳᠡᠮᠳᠡᠭ ᠢ | ᠡᠭᠦᠳᠴᠤ᠂ ᠤᠷᠤᠨ ᠨᠤᠳᠤᠭ ᠤᠨ ᠠᠷᠠᠳ ᠢᠶᠠᠨ ᠪᠠᠶᠠᠵᠢᠭᠤᠯᠤᠨ᠂ ᠠᠯᠳᠠᠷ ᠴᠣᠤ ᠲᠠᠢ ᠨᠡᠷ᠎ᠡ ᠶᠢᠨ ᠬᠠᠭᠤᠳᠠᠰᠤ ᠶᠢ | ᠪᠢᠴᠢᠭᠯᠡᠭᠰᠡᠨ ᠪᠠᠶᠢᠨ᠎ᠠ᠃ | ᠤᠳᠤ ᠤᠯᠤᠰ ᠤᠷᠤᠨ ᠤ ᠬᠡᠪᠴᠢᠶᠠᠨ ᠳᠤ᠂ ᠳᠠᠯ᠎ᠠ ᠨᠤᠳᠤᠭ ᠤᠨ ᠪᠤᠬᠢᠷᠳᠤᠯ ᠦᠭᠡᠢ ᠳᠠᠷᠢᠶᠠᠯᠠᠩ ᠤᠨ | ᠤᠨᠴᠠᠯᠢᠭᠳᠤ ᠦᠢᠯᠡᠳᠭᠦᠨ ᠭᠡᠵᠤ ᠳᠤᠷᠠᠳᠤᠭᠰᠠᠭᠠᠷ ᠬᠦᠮᠦᠰ ᠬᠢᠩᠭᠠᠨ ᠠᠶᠢᠮᠠᠭ ᠤᠨ ᠳᠤᠳᠤᠷᠭ᠎ᠠ ᠶᠢ ᠪᠤᠳᠤᠵᠤ | ᠤᠯᠳᠠᠭ᠃ 2018 ᠤᠨ ᠠᠴᠠ ᠨᠠᠭᠠᠰᠢ᠂ ᠬᠢᠩᠭᠠᠨ ᠠᠶᠢᠮᠠᠭ ᠤᠨ ᠳᠤᠳᠤᠷᠭ᠎ᠠ ᠨᠢ ᠤᠷᠢᠳ ᠬᠤᠵᠢᠳ ︽ᠦᠪᠦᠷ | ᠮᠤᠩᠭᠤᠯ ᠤᠨ ᠰᠢᠯᠢᠳᠡᠭ ᠴᠢᠨᠠᠷ ᠤᠨ ᠳᠤᠳᠤᠷᠭ᠎ᠠ ᠶᠢᠨ ᠨᠤᠳᠤᠭ︾᠂ ︽2018 ᠤᠨ ᠤ ᠳᠤᠮᠳᠠᠳᠤ ᠤᠯᠤᠰ ᠤᠨ | ᠠᠷᠪᠠᠨ ᠶᠡᠭᠡ ᠳᠤᠳᠤᠷᠭ᠎ᠠ ᠶᠢᠨ ᠤᠷᠤᠨ ᠤ ᠬᠠᠮᠳᠤ ᠪᠠᠷ ᠬᠡᠷᠡᠭᠯᠡᠬᠦ ᠳᠦᠷᠦᠯ ᠳᠡᠮᠳᠡᠭ︾᠂ ︽ᠳᠤᠮᠳᠠᠳᠤ ᠤᠯᠤᠰ ᠤᠨ | ᠳᠠᠯ᠎ᠠ ᠨᠤᠳᠤᠭ ᠤᠨ ᠠᠮᠢ ᠠᠬᠤᠢ ᠶᠢᠨ ᠳᠤᠳᠤᠷᠭ᠎ᠠ ᠶᠢᠨ ᠬᠤᠳᠠ︾ ᠵᠡᠷᠭᠡ ᠪᠠᠷ ᠦᠨᠡᠯᠡᠭᠳᠡᠵᠤ᠂ 2019 ᠤᠨ ᠳᠤ | ᠠᠶᠢᠮᠠᠭ ᠤᠨ ᠵᠠᠬᠢᠷᠭ᠎ᠠ ᠪᠤᠯᠤᠨ ᠤᠯᠤᠰ ᠤᠨ ᠡᠷᠯᠢᠰᠡᠵᠢᠭᠦᠯᠦᠭᠰᠡᠨ ᠤᠰᠤᠨ ᠳᠤᠳᠤᠷᠭ᠎ᠠ ᠶᠢᠨ ᠢᠨᠵᠧᠨᠧᠷᠢᠩ ᠤᠨ | ᠮᠡᠷᠭᠡᠵᠢᠯ ᠤᠨ ᠰᠤᠳᠤᠯᠭᠠᠨ ᠤ ᠳᠦᠪ ᠴᠠᠩᠱᠠ ᠬᠤᠳᠠ ᠳᠤ ︽2019 ᠤᠨ ᠤ ᠬᠢᠩᠭᠠᠨ ᠠᠶᠢᠮᠠᠭ ᠤᠨ | ᠳᠤᠳᠤᠷᠭ᠎ᠠ ᠶᠢᠨ ᠠᠵᠤ ᠦᠢᠯᠡᠰ ᠤᠨ ᠶᠠᠷᠢᠯᠴᠠᠭᠠᠨ ᠤ ᠳᠠᠪᠴᠠᠩ︾ ᠢ ᠬᠠᠮᠳᠤ ᠪᠠᠷ ᠡᠷᠭᠢᠯᠡᠨ ᠶᠠᠪᠤᠭᠳᠠᠭᠤᠯᠵᠤ᠂ | ᠬᠢᠩᠭᠠᠨ ᠠᠶᠢᠮᠠᠭ ᠤᠨ ᠳᠤᠳᠤᠷᠭ᠎ᠠ ᠨᠢ ᠦᠪᠦᠷ ᠮᠤᠩᠭᠤᠯ ᠤᠨ ᠳᠡᠯᠭᠡᠨ ᠭᠠᠶᠢᠬᠠᠭᠤᠯᠤᠭᠰᠠᠨ ᠬᠢᠯᠡᠰ ᠴᠡᠭ ᠪᠤᠯᠵᠤ᠂ | ᠬᠢᠩᠭᠠᠨ ᠠᠶᠢᠮᠠᠭ ᠪᠤᠯᠤᠨ ᠬᠤᠨᠠᠨ ᠮᠤᠵᠢ ᠭᠠᠷ ᠬᠤᠯᠪᠤᠯᠴᠠᠨ᠂ ᠤᠷᠤᠨ ᠬᠡᠪᠴᠢᠶᠡᠨ ᠤ ᠬᠠᠮᠳᠤᠷᠠᠯᠴᠠᠯ ᠢ ᠠᠬᠢᠭᠤᠯᠬᠤ | ᠂ ᠬᠤᠳᠠᠯᠳᠤᠭᠠᠴᠢᠨ ᠤᠷᠢᠵᠤ ᠪᠡᠯᠡ ᠮᠦᠩᠬᠦ ᠤᠷᠤᠭᠤᠯᠤᠨ ᠠᠪᠴᠢᠷᠬᠠᠤ ᠳᠤ ᠨᠢᠭᠡᠨ ᠭᠡᠰᠡᠭ ᠰᠢᠨ᠎ᠡ ᠰᠠᠭᠤᠷᠢᠨ | ᠭᠠᠵᠠᠷ ᠢ ᠨᠡᠭᠡᠭᠡᠵᠤ ᠰᠢᠨ᠎ᠡ ᠳᠠᠪᠴᠠᠩ ᠢ ᠪᠠᠶᠢᠭᠤᠯᠤᠭᠰᠠᠨ ᠪᠠᠶᠢᠨ᠎ᠠ᠃ ᠤᠬᠤᠷᠬᠠᠨ ᠬᠤᠶᠠᠷ ᠵᠢᠯ ᠤᠨ ᠳᠤᠳᠤᠷ᠎ᠠ᠂ | ᠬᠢᠩᠭᠠᠨ ᠠᠶᠢᠮᠠᠭ ᠤᠨ ᠳᠤᠳᠤᠷᠭ᠎ᠠ ᠨᠢ ᠤᠯᠤᠰ ᠤᠷᠤᠨ ᠳᠤ ᠨᠡᠷ᠎ᠡ ᠠᠯᠳᠠᠷ ᠲᠠᠢ ᠪᠤᠯᠵᠤ᠂ ᠤᠯᠤᠰ ᠤᠨ | ᠳᠤᠳᠤᠭᠠᠳᠤ ᠶᠢᠨ ᠳᠤᠮᠤ ᠬᠤᠳᠠᠳ ᠤᠨ ᠴᠢᠯᠦᠭᠡᠳᠤ ᠳᠡᠯᠭᠡᠭᠦᠷ ᠤᠨ ᠪᠠᠷᠠᠭᠠᠨ ᠤ ᠵᠢᠶᠠᠰᠠᠨ ᠳᠤ ᠳᠡᠯᠭᠡᠭᠳᠡᠵᠤ᠂ ᠪᠦᠬᠦ | ᠤᠯᠤᠰ ᠤᠨ ᠡᠯ᠎ᠡ ᠭᠠᠵᠠᠷ ᠤᠨ ᠭᠡᠷ ᠪᠦᠯᠢ ᠪᠠ ᠵᠤᠴᠢᠳ ᠤᠨ ᠪᠠᠭᠤᠳᠠᠯ ᠤᠨ ᠬᠤᠭᠤᠯᠠᠨ ᠰᠢᠷᠡᠭᠡᠨ ᠳᠤ ᠭᠠᠷᠴᠤ᠂ | ᠳᠤᠳᠤᠷᠭ᠎ᠠ ᠶᠢᠨ ᠠᠩᠬᠢᠯᠤᠮ᠎ᠠ ᠦᠨᠦᠷ ᠢᠶᠠᠷ ᠢᠶᠠᠨ ᠳᠠᠶᠠᠭᠠᠷ ᠲᠤ ᠳᠠᠨᠢᠭᠳᠠᠨ᠎ᠠ ᠪᠢᠯᠡ᠃ | ᠤᠯᠠᠮᠵᠢᠯᠠᠯᠳᠤ ᠳᠠᠷᠢᠮᠠᠯ ᠢ ᠬᠤᠪᠢᠷᠠᠭᠤᠯᠵᠤ ᠤᠳᠤᠬᠢᠴᠢᠯᠠᠭᠰᠠᠨ ᠳᠠᠷᠢᠶᠠᠯᠠᠩ ᠦᠢᠯᠡᠳᠪᠤᠷᠢᠯᠡᠯ ᠪᠤᠯᠭᠠᠨ | ᠬᠦᠭᠵᠢᠭᠦᠯᠦᠯᠡ | ︽ᠤᠰᠤᠨ ᠳᠤᠳᠤᠷᠭ᠎ᠠ ᠶᠢ ᠬᠠᠭᠤᠷᠠᠢ ᠪᠠᠷ ᠳᠠᠷᠢᠬᠤ︾ ᠮᠡᠷᠭᠡᠵᠢᠯ ᠢ ᠳᠡᠯᠭᠡᠷᠡᠭᠦᠯᠦᠭᠰᠡᠨ ᠨᠢ ᠮᠠᠨ ᠤ ᠠᠶᠢᠮᠠᠭ ᠤᠨ | ᠤᠰᠤᠨ ᠳᠤᠳᠤᠷᠭ᠎ᠠ ᠳᠠᠷᠢᠵᠤ ᠤᠷᠭᠤᠭᠤᠯᠬᠤ ᠳᠡᠤᠬᠡᠨ ᠳᠡᠭᠡᠷᠡᠬᠢ ᠨᠢᠭᠡᠨ ᠳᠠᠪᠰᠢᠯᠳᠠ ᠪᠤᠯᠤᠨ᠎ᠠ᠃ ᠦᠩᠭᠡᠷᠡᠭᠰᠡᠨ ᠳᠤ | ᠤᠰᠤᠨ ᠳᠤᠳᠤᠷᠭ᠎ᠠ ᠳᠠᠷᠢᠬᠤ ᠳᠤ ᠤᠰᠤ ᠪᠤᠯᠤᠨ ᠪᠤᠷᠳᠤᠭᠤᠷ ᠢ ᠶᠡᠬᠡᠪᠠᠷ ᠬᠡᠷᠡᠭᠰᠡᠳᠡᠭ ᠪᠠᠶᠢᠵᠠᠢ᠂ ᠭᠡᠳᠡᠯ᠎ᠡ ᠤᠰᠤᠨ | ᠳᠤᠳᠤᠷᠭ᠎ᠠ ᠶᠢ ᠬᠠᠭᠤᠷᠠᠢ ᠪᠠᠷ ᠳᠠᠷᠢᠬᠤ ᠨᠢ ᠦᠩᠭᠡᠷᠡᠭᠰᠡᠨ ᠤ ᠠᠷᠪᠢᠨ ᠤᠰᠤ ᠪᠠᠷ ᠤᠳᠠᠭᠠᠨ ᠤᠰᠤᠯᠠᠬᠤ ᠪᠠᠶᠢᠳᠠᠯ ᠢ | ᠬᠤᠪᠢᠷᠠᠭᠤᠯᠵᠤ᠂ ᠤᠰᠤ ᠠᠷᠪᠢᠯᠠᠬᠤ ᠪᠤᠯᠤᠭᠰᠠᠨ ᠪᠠᠶᠢᠨ᠎ᠠ᠃ ᠤᠰᠤᠨ ᠳᠤᠳᠤᠷᠭ᠎ᠠ ᠶᠢ ᠬᠡᠪ ᠤᠨ ᠶᠤᠰᠤ ᠪᠠᠷ | ᠪᠤᠶᠢᠵᠢᠭᠤᠯᠬᠤ ᠳᠤ ᠮᠦ ᠪᠦᠷᠢ 800 — 1000 ᠪᠤᠰᠤᠭ᠎ᠠ ᠳᠦᠷᠪᠡᠯᠵᠢᠨ ᠮᠧᠳ᠋ᠷ ᠤᠰᠤ ᠬᠡᠷᠡᠭᠰᠡᠨ᠎ᠡ᠂ | ᠬᠠᠭᠤᠷᠠᠢ ᠪᠠᠷ ᠳᠠᠷᠢᠬᠤ ᠳᠤ ᠮᠦ ᠪᠦᠷᠢ ᠵᠦᠪᠬᠡᠨ 200 — 300 ᠪᠤᠰᠤᠭ᠎ᠠ ᠳᠦᠷᠪᠡᠯᠵᠢᠨ ᠮᠧᠲᠷ ᠤᠰᠤ | ᠬᠡᠷᠡᠭᠰᠡᠵᠤ᠂ ᠤᠰᠤᠨ ᠳᠤᠳᠤᠷᠭ᠎ᠠ ᠶᠢ ᠬᠡᠪ ᠤᠨ ᠶᠤᠰᠤᠭᠠᠷ ᠪᠤᠶᠢᠵᠢᠭᠤᠯᠬᠤ ᠠᠴᠠ 70% ᠤᠷᠴᠢᠮ ᠤᠨ ᠤᠰᠤ | ᠠᠷᠪᠢᠯᠠᠬᠤ ᠮᠦᠷᠳᠡᠭᠡᠨ ᠤᠰᠤᠨ ᠳᠤᠳᠤᠷᠭ᠎ᠠ ᠶᠢᠨ ᠴᠢᠬᠢᠯᠡᠬᠦ ᠬᠤᠭᠤᠴᠠᠭ᠎ᠠ ᠨᠢ ᠤᠷᠳᠤ ᠪᠠᠶᠢᠵᠤ ᠳᠤᠳᠤᠷᠭ᠎ᠠ ᠶᠢᠨ | ᠴᠢᠬᠢ ᠶᠢᠨ ᠦᠨᠳᠦᠰᠦᠯᠡᠬᠦ ᠪᠠ ᠰᠦᠢᠬᠤ ᠳᠤ ᠠᠰᠢᠭᠳᠠᠢ᠂ ᠭᠠᠩ ᠢ ᠡᠰᠡᠷᠭᠦᠴᠡᠬᠦ ᠪᠠ ᠨᠠᠯᠠᠨ ᠤᠨᠠᠬᠤ ᠶᠢ ᠡᠰᠡᠷᠬᠦᠴᠡᠬᠦ | ᠴᠢᠳᠠᠪᠤᠷᠢ ᠶᠢ ᠳᠡᠭᠡᠭᠰᠢᠯᠡᠭᠦᠯᠦᠨ᠎ᠡ᠃ | ᠤᠢᠢᠷ᠎ᠠ ᠶᠢᠨ ᠬᠤᠶᠠᠷ ᠵᠢᠯ ᠳᠤ᠂ ᠵᠠᠯᠠᠶᠢᠳ ᠬᠤᠰᠢᠭᠤ 12 ᠳᠦᠮᠡᠨ ᠮᠦ ᠤᠰᠤᠨ ᠳᠤᠳᠤᠷᠭ᠎ᠠ ᠶᠢ ᠬᠠᠭᠤᠷᠠᠢ ᠪᠠᠷ | ᠳᠠᠷᠢᠵᠤ᠂ ᠰᠢᠨ᠎ᠡ ᠬᠡᠯᠪᠡᠷᠢ ᠶᠢᠨ ᠤᠰᠤ ᠠᠷᠪᠢᠯᠠᠵᠤ ᠤᠨᠠᠯᠳᠠ ᠶᠢ ᠨᠡᠮᠡᠭᠳᠡᠭᠦᠯᠬᠦ ᠬᠦᠭᠵᠢᠯᠳᠡ ᠶᠢᠨ ᠵᠠᠮ ᠢ ᠨᠡᠭᠡᠭᠡᠵᠤ᠂ | ᠮᠠᠨ ᠤ ᠠᠶᠢᠮᠠᠭ ᠲᠤ ᠤᠰᠤᠨ ᠳᠤᠳᠤᠷᠭ᠎ᠠ ᠶᠢ ᠬᠠᠭᠤᠷᠠᠢ ᠪᠠᠷ ᠳᠠᠷᠢᠭᠰᠠᠨ ᠬᠡᠪᠴᠢᠶ᠎ᠡ ᠬᠠᠮᠤᠭ ᠶᠡᠭᠡ ᠪᠦᠭᠡᠳ | ᠳᠠᠷᠢᠮᠠᠯ ᠤᠨ ᠳᠠᠯᠠᠪᠠᠢ᠂ ᠤᠨᠠᠯᠳᠠ ᠶᠢᠨ ᠬᠡᠮᠵᠢᠶ᠎ᠡ᠂ ᠮᠡᠷᠭᠡᠵᠢᠯ ᠵᠡᠷᠭᠡ ᠪᠠᠷ ᠢᠶᠠᠨ ᠪᠦᠬᠦ ᠤᠷᠤᠨ ᠳᠤ ᠳᠠᠷᠢᠭᠦᠯᠡᠭᠰᠡᠨ | ᠪᠠᠶᠢᠨ᠎ᠠ᠃ ᠵᠠᠯᠠᠶᠢᠳ ᠬᠤᠰᠢᠭᠤᠨ ᠤ ᠳᠠᠷᠢᠶᠠᠯᠠᠩ ᠮᠠᠯ ᠠᠵᠤ ᠠᠬᠤᠢ ᠰᠢᠨᠵᠢᠯᠡᠬᠦ ᠤᠬᠠᠭᠠᠨ ᠮᠡᠷᠭᠡᠵᠢᠯ ᠤᠨ | ᠳᠤᠪᠴᠢᠶ᠎ᠠ ᠶᠢᠨ ᠬᠠᠮᠢᠶ᠎ᠠ ᠪᠦᠬᠦᠢ ᠬᠠᠷᠢᠭᠤᠴᠠᠯᠭᠠᠳᠠᠨ ᠤ ᠬᠡᠯᠡᠬᠦ ᠪᠠᠷ᠂ 12 ᠳᠦᠮᠡᠨ ᠮᠦ ᠤᠰᠤᠨ ᠳᠤᠳᠤᠷᠭ᠎ᠠ ᠶᠢ | ᠬᠠᠭᠤᠷᠠᠢ ᠪᠠᠷ ᠳᠠᠷᠢᠭᠠᠳ 1 ᠳ᠋ᠦᠩᠰᠢᠭᠤᠷ ᠪᠤᠰᠤᠭ᠎ᠠ ᠳᠦᠷᠪᠡᠯᠵᠢᠨ ᠮᠧᠳ᠋ᠷ ᠤᠰᠤ ᠠᠷᠪᠢᠯᠠᠵᠤ᠂ ᠠᠵᠤ ᠠᠬᠤᠢ ᠶᠢᠨ | ᠦᠷ᠎ᠡ ᠠᠰᠢᠭ᠂ ᠠᠮᠢ ᠠᠬᠤᠢ ᠶᠢᠨ ᠦᠷ᠎ᠡ ᠠᠰᠢᠭ᠂ ᠨᠡᠶᠢᠭᠡᠮ ᠤᠨ ᠦᠷ᠎ᠡ ᠠᠰᠢᠭ ᠤᠨ ᠳᠠᠯ ᠠ ᠪᠠᠷ ᠴᠦᠮ | ᠢᠯᠡᠳᠳᠡ ᠠᠮᠵᠢᠯᠳᠠ ᠪᠦᠳᠦᠮᠵᠢ ᠭᠠᠷᠭᠠᠵᠤ᠂ ᠤᠰᠤᠨ ᠳᠤᠳᠤᠷᠭ᠎ᠠ ᠶᠢᠨ ᠴᠢᠨᠠᠷ ᠳᠡᠰ ᠢ ᠦᠴᠦᠬᠡᠨ ᠴᠤ ᠨᠦᠯᠦᠭᠡᠯᠡᠬᠦ | ᠦᠭᠡᠢ ᠮᠦᠷᠳᠡᠭᠡᠨ ᠡᠪᠡᠰᠤ ᠠᠷᠢᠯᠭᠠᠬᠤ ᠡᠮ ᠰᠦᠷᠴᠢᠬᠦ ᠦᠭᠡᠢ᠂ ᠳᠤᠳᠤᠷᠭ᠎ᠠ ᠶᠢᠨ ᠤᠷᠭᠠᠨᠢᠭ ᠪᠤᠬᠢᠷᠳᠤᠯ ᠦᠭᠡᠢ ᠶᠢ | ᠴᠤ ᠪᠠᠳᠤᠯᠠᠬᠰᠠᠨ ᠪᠠᠶᠢᠨ᠎ᠠ᠃ ᠵᠠᠯᠠᠶᠢᠳ ᠬᠤᠰᠢᠭᠤᠨ ᠤ ᠦ᠋ ᠳ᠋ᠤᠤ ᠾᠧ ᠽᠢ ᠳᠠᠷᠢᠶᠠᠯᠠᠩ ᠮᠠᠯᠵᠢᠯ ᠤᠨ ᠳᠤᠰᠬᠠᠢ | ᠬᠤᠷᠰᠢᠶᠠᠵᠢᠯ ᠡᠨᠡ ᠵᠢᠯ 4000 ᠮᠥ ᠭᠠᠵᠠᠷ ᠲᠤ ᠤᠰᠤᠨ ᠳᠤᠳᠤᠷᠭ᠎ᠠ ᠶᠢ ᠬᠠᠭᠤᠷᠠᠢ ᠪᠠᠷ ᠳᠠᠷᠢᠵᠠᠢ᠂ ᠳᠤᠰ | ᠬᠤᠷᠰᠢᠶᠠᠵᠢᠯ ᠤᠨ ᠬᠡᠷᠡᠭ ᠮᠡᠳᠡᠭᠴᠢᠳ ᠤᠨ ᠳᠠᠷᠤᠭ᠎ᠠ ᠳ᠋ᠦ᠋ ᠸᠧᠨ ᠢ ᠶᠢᠨ ᠳᠠᠨᠢᠯᠴᠠᠭᠤᠯᠤᠭᠰᠠᠨ ᠢᠶᠠᠷ᠂ ᠤᠰᠤᠨ | ᠳᠤᠳᠤᠷᠭ᠎ᠠ ᠶᠢ ᠤᠯᠠᠮᠵᠢᠯᠠᠯᠳᠤ ᠠᠷᠭ᠎ᠠ ᠪᠠᠷ ᠳᠠᠷᠢᠵᠤ ᠤᠷᠭᠤᠭᠤᠯᠬᠤ ᠳᠤ ᠴᠢᠬᠢ ᠪᠤᠶᠢᠵᠢᠭᠤᠯᠬᠤ᠂ ᠳᠠᠷᠢᠶ᠎ᠠ ᠶᠢ | ᠳᠡᠪᠳᠦᠭᠡᠬᠦ ᠵᠡᠷᠭᠡ ᠤᠯᠠᠨ ᠠᠵᠢᠯ ᠤᠨ ᠠᠯᠬᠤᠮ ᠳᠠᠷᠠᠭ᠎ᠠ ᠶᠢ ᠬᠡᠷᠡᠭᠰᠡᠨ᠎ᠡ᠂ ᠬᠠᠭᠤᠷᠠᠢ ᠪᠠᠷ ᠳᠠᠷᠢᠬᠤ ᠨᠢ ᠬᠦᠯᠡᠮᠵᠢ | ᠬᠦᠮᠦᠷᠢᠬᠦ᠂ ᠰᠤᠶᠤᠭᠠᠯᠠᠭᠤᠯᠬᠤ᠂ ᠴᠢᠬᠢ ᠪᠤᠶᠢᠵᠢᠭᠤᠯᠬᠤ᠂ ᠴᠢᠬᠢ ᠰᠠᠭᠤᠯᠭᠠᠬᠤ ᠵᠡᠷᠭᠡ ᠭᠤᠭᠴᠤᠭ᠎ᠠ ᠶᠢ | ᠳᠤᠪᠴᠢᠯᠠᠵᠤ᠂ ᠪᠦᠬᠦ ᠶᠠᠪᠤᠴᠠ ᠶᠢ ᠮᠠᠰᠢᠨ ᠮᠧᠬᠠᠨᠢᠭᠴᠢᠯᠠᠨ᠂ ᠬᠦᠳᠡᠯᠮᠦᠷᠢ ᠬᠦᠴᠦ ᠶᠢ ᠠᠷᠪᠢᠯᠠᠵᠤ᠂ ᠮᠦ | ᠪᠦᠷᠢ ᠠᠴᠠ ᠢᠯᠡᠭᠦᠦ 100 ᠵᠢᠩ ᠤᠨ ᠤᠨᠠᠯᠳᠠ ᠲᠠᠢ ᠪᠤᠯᠤᠭᠰᠠᠨ ᠪᠠᠶᠢᠨ᠎ᠠ᠃ | ᠦᠩᠭᠡ ᠶᠢᠨ ᠴᠡᠴᠡᠭ ᠮᠢᠷᠠᠯᠵᠠᠵᠤ ᠦᠵᠡᠮᠵᠢ ᠪᠦᠷᠢᠳᠦᠭᠰᠡᠨ ᠵᠤᠨ ᠤ ᠰᠠᠶᠢᠬᠠᠨ ᠤᠯᠠᠷᠢᠯ ᠳᠤ ᠤᠯᠠᠭᠠᠨᠬᠤᠳᠠ ᠶᠢᠨ | ᠤᠯᠠᠭᠠᠨᠬᠠᠳᠠ ᠪᠠᠯᠭᠠᠰᠤᠨ ᠤ ᠰᠠᠨ ᠾᠧ ᠳᠤᠰᠬᠤᠨ ᠢᠶᠠᠷ ᠬᠦᠷᠪᠡᠯ᠂ ᠳᠤᠰᠬᠤᠨ ᠤ ᠡᠮᠦᠨ᠎ᠡ ᠵᠠᠬ᠎ᠠ ᠪᠠᠷ | ᠦᠷᠭᠦᠯᠵᠢᠯᠡᠭᠰᠡᠨ ᠤᠰᠤᠨ ᠳᠤᠳᠤᠷᠭ᠎ᠠ ᠶᠢᠨ ᠳᠠᠷᠢᠶ᠎ᠠ ᠨᠠᠯᠦ᠋ᠢᠨ ᠨᠤᠭᠤᠭᠠᠷᠠᠭᠠᠳ ᠤᠨᠴᠠ ᠶᠢᠨ ᠭᠤᠶᠤ ᠪᠠᠶᠢᠳᠠᠭ᠃ | ᠤᠢᠢᠷ᠎ᠠ ᠶᠢᠨ ᠬᠤᠶᠠᠷ ᠵᠢᠯ ᠳᠤ ᠳᠤᠰ ᠳᠤᠰᠬᠤᠨ ᠤᠯᠠᠭᠠᠨᠬᠤᠳᠠ ᠶᠢᠨ ᠨᠠᠮ ᠤᠨ ᠬᠤᠷᠢᠶᠠᠨ ᠤ ᠤᠳᠤᠬᠢᠴᠢᠯᠠᠭᠰᠠᠨ | ᠳᠠᠷᠢᠶᠠᠯᠠᠩ ᠢ ᠬᠦᠭᠵᠢᠭᠦᠯᠬᠦ ᠠᠷᠭ᠎ᠠ ᠪᠤᠳᠤᠯᠭ᠎ᠠ ᠶᠢᠨ ᠳᠤᠭᠤᠷᠢᠨ ᠳᠤ᠂ ᠤᠰᠤᠨ ᠳᠤᠳᠤᠷᠭ᠎ᠠ ᠶᠢᠨ ᠳᠠᠷᠢᠶᠠᠨ ᠤ | ᠳᠡᠭᠡᠭᠦᠷ ᠦᠵᠡᠮᠵᠢ ᠰᠤᠨᠢᠷᠬᠠᠬᠤ ᠦᠷᠳᠡᠭᠡ ᠪᠠᠶᠢᠭᠤᠯᠵᠤ᠂ ᠵᠤᠭᠠᠴᠠᠭᠰᠠᠳ ᠲᠤ ᠤᠰᠤᠨ ᠳᠡᠭᠡᠭᠦᠷᠬᠢ ᠳᠠᠯ᠎ᠠ ᠨᠤᠳᠤᠭ | ᠮᠠᠳᠤ ᠰᠠᠨᠠᠭᠳᠠᠭᠤᠯᠳᠠᠭ᠃ ᠰᠠᠨ ᠾᠧ ᠳᠤᠰᠬᠤᠨ 1 ᠲᠦᠮᠡᠨ ᠮᠥ ᠳᠠᠷᠢᠶᠠᠨ ᠭᠠᠵᠠᠷ ᠢᠶᠠᠨ ᠪᠦᠬᠦᠨ ᠢ ᠤᠰᠤᠨ | ᠳᠠᠷᠢᠶ᠎ᠠ ᠪᠤᠯᠭᠠᠵᠤ᠂ ᠮᠠᠨ ᠤ ᠠᠶᠢᠮᠠᠭ ᠲᠤ ᠪᠠᠨ ᠨᠡᠷ᠎ᠡ ᠠᠯᠳᠠᠷᠳᠠᠢ ᠤᠰᠤᠨ ᠳᠤᠳᠤᠷᠭ᠎ᠠ ᠶᠢᠨ ᠨᠤᠳᠤᠭ ᠪᠤᠯᠵᠠᠢ᠃ | ᠡ᠊ᠨᠳᠡᠬᠢ ᠬᠦᠷᠦᠰᠦ ᠰᠢᠷᠤᠢ ᠨᠢ ᠦᠩ ᠰᠢᠮᠡᠯᠢᠭ᠂ ᠠᠭᠤᠷ ᠠᠮᠢᠰᠬᠤᠯ ᠳᠤᠯᠠᠭᠠᠨ ᠴᠢᠬᠢᠭᠯᠢᠭ᠂ ᠨᠠᠷᠠᠨ ᠤ ᠳᠤᠰᠤᠯᠳᠠ | ᠭᠦᠢᠴᠡᠳ᠂ ᠤᠰᠤᠨ ᠤ ᠴᠢᠨᠠᠷ ᠰᠢᠯᠢᠳᠡᠭ ᠪᠠᠶᠢᠵᠤ᠂ ᠤᠯᠤᠰ ᠤᠨ AAA ᠳᠡᠰ ᠤᠨ ᠪᠤᠬᠢᠷᠳᠤᠯ ᠦᠭᠡᠢ ᠤᠰᠤᠨ | ᠳᠤᠳᠤᠷᠭ᠎ᠠ ᠳᠠᠷᠢᠵᠤ ᠤᠷᠭᠤᠭᠤᠯᠬᠤ ᠰᠠᠭᠤᠷᠢᠨ ᠭᠠᠵᠠᠷ ᠪᠤᠯᠤᠨ᠎ᠠ᠃ ᠳᠤᠰᠬᠤᠨ ᠳᠤ ᠰᠠᠭᠤᠭ᠎ᠠ ᠨᠢᠭᠡᠳᠦᠭᠡᠷ ᠱᠦᠵᠢ | ᠴᠠᠩ ᠱᠠᠨ᠄ ︽ᠦᠩᠭᠡᠷᠡᠭᠰᠡᠨ ᠳᠤ ᠳᠠᠷᠢᠶᠠᠨ ᠭᠠᠵᠠᠷ ᠪᠠᠭ᠎ᠠ᠂ ᠬᠦᠮᠦᠨ ᠠᠮᠠ ᠤᠯᠠᠨ᠂ ᠳᠤᠰᠬᠤᠨ ᠤ ᠳᠠᠭᠠᠭᠤᠯᠬᠤ | ᠠᠵᠤ ᠦᠢᠯᠡᠰ ᠤᠨ ᠬᠦᠭᠵᠢᠯᠳᠡ ᠤᠳᠠᠭᠠᠨ᠂ ᠰᠠᠭᠤᠷᠢ ᠳᠦᠭᠦᠭᠡᠷᠦᠮᠵᠢ ᠪᠦᠷᠢᠨ ᠦᠭᠡᠢ ᠠᠴᠠ ᠪᠦᠬᠦ ᠳᠤᠰᠬᠤᠨ ᠤ | ᠬᠦᠮᠦᠨ ᠳᠤᠮᠳᠠᠴᠢ ᠵᠢᠯ ᠤᠨ ᠤᠷᠤᠯᠭ᠎ᠠ 1000 ᠢᠯᠡᠭᠦᠦ ᠲᠦᠭᠦᠷᠢᠭ ᠲᠤ ᠯᠡ ᠬᠦᠷᠴᠤ ᠪᠠᠶᠢᠪᠠ᠃ ᠤᠳᠤ᠂ ᠰᠠᠨ | ᠾᠧ᠂ ᠱᠦ ᠶᠤᠸᠠᠨ ᠵᠡᠷᠭᠡ ᠰᠢᠯᠢᠳᠡᠭ ᠴᠢᠨᠠᠷ ᠤᠨ ᠳᠤᠳᠤᠷᠭ᠎ᠠ ᠳᠤ ᠪᠠᠨ ᠲᠦᠰᠢᠭᠯᠡᠨ᠂ ᠳᠤᠰ ᠭᠠᠵᠠᠷ ᠤᠷᠤᠨ ᠤ ᠪᠠᠨ | ᠳᠦᠷᠦᠯ ᠳᠡᠮᠳᠡᠭ ᠢ ᠡᠭᠦᠳᠴᠤ᠂ ᠳᠤᠰᠬᠤᠨ ᠤ ᠠᠷᠠᠳ ᠤᠨ ᠬᠦᠮᠦᠨ ᠳᠤᠮᠳᠠᠴᠢ ᠴᠡᠪᠡᠷ ᠤᠷᠤᠯᠭ᠎ᠠ 1.2 ᠲᠦᠮᠡᠨ | ᠲᠦᠭᠦᠷᠢᠭ ᠲᠤ ᠬᠦᠷᠤᠯ᠎ᠠ᠃ ᠡᠭᠦᠨ ᠤ ᠰᠠᠭᠤᠷᠢᠨ ᠳᠡᠭᠡᠷ᠎ᠡ ᠤᠰᠤᠨ ᠳᠤᠳᠤᠷᠭ᠎ᠠ ᠶᠢᠨ ᠦᠵᠡᠮᠵᠢ ᠶᠢᠨ ᠦᠷᠳᠡᠭᠡ᠂ | ᠬᠢᠩᠭᠠᠨ ᠠᠶᠢᠮᠠᠭ ᠤᠨ ᠳᠤᠳᠤᠷᠭ᠎ᠠ ᠶᠢᠨ ᠦᠵᠡᠭᠦᠯᠭᠡ ᠶᠢᠨ ᠲᠢᠩᠬᠢᠮ ᠢ ᠪᠠᠶᠢᠭᠤᠯᠵᠤ᠂ ᠬᠢᠩᠭᠠᠨ ᠠᠶᠢᠮᠠᠭ ᠤᠨ | ᠳᠤᠳᠤᠷᠭ᠎ᠠ ᠶᠢᠨ ᠡᠯᠪᠡᠭ ᠬᠤᠷᠢᠶᠠᠯᠳᠠ ᠶᠢᠨ ᠨᠠᠶᠢᠷ᠂ ᠤᠯᠠᠭᠠᠨᠬᠤᠳᠠ ᠶᠢᠨ ᠳᠤᠳᠤᠷᠭ᠎ᠠ ᠶᠢᠨ ᠳᠠᠷᠢᠶᠠᠨ ᠳᠤ ᠵᠢᠭᠠᠰᠤ | ᠠᠩᠨᠠᠬᠤ ᠨᠠᠶᠢᠷ ᠵᠡᠷᠭᠡ ᠠᠵᠢᠯᠯᠠᠭ᠎ᠠ ᠶᠢ ᠠᠮᠵᠢᠯᠳᠠ ᠲᠠᠢ ᠶᠠᠪᠤᠭᠳᠠᠭᠤᠯᠤᠨ᠂ ᠳᠤᠳᠤᠷᠭ᠎ᠠ ᠶᠢᠨ ᠠᠵᠤ ᠦᠢᠯᠡᠰ ᠢᠶᠠᠷ | ᠠᠷᠠᠳ ᠤᠯᠠᠨ ᠤ ᠤᠷᠤᠯᠭ᠎ᠠ ᠶᠢ ᠨᠡᠮᠡᠭᠳᠡᠭᠦᠯᠵᠤ ᠪᠤᠢ︾ ᠭᠡᠵᠤ ᠳᠤᠳᠤᠷᠭ᠎ᠠ ᠶᠢᠨ ᠠᠵᠤ ᠦᠢᠯᠡᠰ ᠤᠨ ᠬᠤᠪᠢᠷᠠᠯᠳᠠ | ᠬᠦᠭᠵᠢᠯᠳᠡ ᠶᠢᠨ ᠳᠤᠬᠠᠢ ᠳᠠᠨᠢᠯᠴᠠᠭᠤᠯᠤᠨ ᠬᠡᠯᠡᠨ᠎ᠡ᠃ | ︽ᠬᠢᠩᠭᠠᠨ ᠠᠶᠢᠮᠠᠭ ᠤᠨ ᠳᠤᠳᠤᠷᠭ᠎ᠠ︾ ᠶᠢᠨ ᠪᠤᠬᠢᠷᠳᠤᠯ ᠦᠭᠡᠢ ᠤᠷᠭᠠᠨᠢᠭ ᠢ ᠪᠠᠳᠤᠯᠠᠬᠤ ᠪᠠᠷ ᠳᠤᠳᠤᠷᠭ᠎ᠠ ᠶᠢᠨ | ᠳᠠᠷᠢᠶᠠᠨ ᠳᠤ ᠵᠢᠭᠠᠰᠤ᠂ ᠨᠠᠢᠮᠠᠯᠵᠢ᠂ ᠨᠤᠭᠤᠰᠤ ᠳᠠᠵᠢᠭᠡᠭᠰᠡᠨ ᠠᠴᠠ ︽ᠨᠢᠭᠡ ᠤᠰᠤ ᠶᠢ ᠬᠤᠶᠠᠷ ᠳᠡᠰᠢ ᠬᠡᠷᠡᠭᠯᠡᠵᠤ᠂ | ᠨᠢᠭᠡ ᠳᠠᠷᠢᠶᠠᠨ ᠠᠴᠠ ᠬᠤᠤᠰ ᠤᠷᠤᠯᠭ᠎ᠠ ᠤᠯᠬᠤ︾ ᠶᠢ ᠪᠡᠶᠡᠯᠡᠬᠦᠯᠵᠤ᠂ ᠤᠳᠤᠬᠢᠴᠢᠯᠠᠭᠰᠠᠨ ᠳᠠᠷᠢᠶᠠᠯᠠᠩ ᠤᠨ | ᠬᠦᠭᠵᠢᠯᠳᠡ ᠶᠢ ᠠᠬᠢᠭᠤᠯᠬᠤ ᠶᠢᠨ ᠪᠠᠰᠠ ᠨᠢᠭᠡᠨ ᠪᠦᠳᠦᠮᠵᠢᠳᠡᠢ ᠠᠷᠭ᠎ᠠ ᠬᠡᠮᠵᠢᠶ᠎ᠡ ᠪᠤᠯᠤᠭᠰᠠᠨ ᠪᠠᠶᠢᠨ᠎ᠠ᠃ | ᠳᠤᠳᠤᠷᠭ᠎ᠠ ᠶᠢᠨ ᠳᠠᠷᠢᠶ᠎ᠠ ᠨᠢ ᠵᠢᠭᠠᠰᠤ᠂ ᠨᠠᠢᠮᠠᠯᠵᠢ᠂ ᠨᠤᠭᠤᠰᠤ ᠳᠤ ᠢᠳᠡᠰᠢ ᠬᠠᠩᠭᠠᠬᠤ ᠪᠠ ᠦᠷᠡᠵᠢᠬᠦ ᠳᠠᠯᠠᠪᠤᠷ | ᠪᠤᠯᠵᠤ᠂ ᠨᠤᠭᠤᠰᠤ ᠨᠢ ᠳᠤᠳᠤᠷᠭ᠎ᠠ ᠶᠢᠨ ᠳᠠᠷᠢᠶᠠᠨ ᠤ ᠬᠤᠷᠤᠬᠠᠢ ᠰᠢᠪᠡᠵᠢ ᠪᠠ ᠪᠤᠵᠠᠷ ᠡᠪᠡᠰᠤ ᠶᠢ ᠢᠳᠡᠵᠤ᠂ | ᠵᠢᠭᠠᠰᠤ ᠪᠤᠯᠤᠨ ᠨᠡᠢᠮᠠᠯᠵᠢ ᠨᠢ ᠳᠤᠳᠤᠷᠭ᠎ᠠ ᠶᠢᠨ ᠳᠠᠷᠢᠶᠠᠨ ᠤ ᠬᠦᠷᠦᠰᠦ ᠰᠢᠷᠤᠢ ᠶᠢ ᠰᠤᠯᠠᠷᠠᠭᠤᠯᠤᠨ᠂ ᠨᠤᠭᠤᠰᠤ ᠶᠢᠨ | ᠢᠯᠭᠠᠳᠠᠰᠤ ᠪᠠ ᠨᠠᠢᠮᠠᠯᠵᠢ ᠶᠢᠨ ᠬᠠᠯᠢᠰᠤ ᠨᠢ ᠤᠰᠤᠨ ᠳᠤᠳᠤᠷᠭ᠎ᠠ ᠳᠤ ᠪᠤᠷᠳᠤᠭᠤᠷ ᠨᠡᠮᠡᠵᠤ᠂ ᠬᠠᠷᠢᠯᠴᠠᠨ | ᠬᠠᠮᠵᠢᠯᠴᠠᠵᠤ ᠬᠤᠤᠰ ᠠᠰᠢᠭ ᠬᠦᠷᠳᠡᠵᠤ ᠪᠠᠶᠢᠳᠠᠭ᠃ ᠵᠠᠯᠠᠶᠢᠳ ᠬᠤᠰᠢᠭᠤᠨ ᠤ ᠬᠤᠯᠪᠤᠭ᠎ᠠ ᠳᠠᠷᠢᠶᠠᠯᠠᠩ ᠤᠨ | ᠳᠤᠰᠬᠠᠢ ᠬᠤᠷᠰᠢᠶᠠᠵᠢᠯ ᠤᠨ ᠳᠤᠳᠤᠷᠭ᠎ᠠ ᠵᠢᠭᠠᠰᠤ ᠶᠢ ᠶᠡᠷᠦᠩᠬᠡᠶᠢᠯᠡᠨ ᠳᠠᠷᠢᠵᠤ ᠳᠡᠵᠢᠭᠡᠭᠰᠡᠨ ᠬᠦᠭᠵᠢᠯᠳᠡ ᠶᠢᠨ | ᠬᠠᠨᠳᠤᠰᠢ ᠪᠤᠯ ᠳᠠᠷᠤᠢ ᠤᠳᠤᠬᠢᠴᠢᠯᠠᠭᠰᠠᠨ ᠳᠠᠷᠢᠶᠠᠯᠠᠩ ᠤᠨ ᠬᠦᠭᠵᠢᠯᠳᠡ ᠶᠢᠨ ᠬᠤᠷᠢᠶᠠᠩᠭᠤᠢᠢᠯᠠᠯ ᠪᠤᠯᠤᠨ᠎ᠠ᠃ ᠡᠨᠡ | ᠵᠢᠯ ᠬᠤᠯᠪᠤᠭ᠎ᠠ ᠪᠠᠯᠭᠠᠰᠤ ︽ᠳᠤᠳᠤᠷᠭ᠎ᠠ ᠶᠢᠨ ᠳᠠᠷᠢᠶ᠎ᠠ +︾ ᠶᠢᠨ ᠳᠠᠷᠢᠵᠤ ᠳᠡᠵᠢᠭᠡᠬᠦ ᠬᠦᠴᠦᠯᠡᠴᠡ ᠪᠠᠨ | ᠴᠢᠩᠭᠠᠷᠠᠭᠤᠯᠵᠤ᠂ 4 ᠲᠦᠮᠡᠨ ᠮᠥ ᠤᠰᠤᠨ ᠳᠤᠳᠤᠷᠭ᠎ᠠ ᠶᠢᠨ ᠰᠠᠭᠤᠷᠢᠨ ᠭᠠᠵᠠᠷ ᠲᠤ ᠨᠡᠶᠢᠳᠡ 7500 ᠭᠠᠷᠤᠢ | ᠵᠢᠩ ᠵᠢᠭᠠᠰᠤ᠂ ᠨᠠᠢᠮᠠᠯᠵᠢ ᠳᠡᠵᠢᠭᠡᠭᠰᠡᠨ ᠪᠠᠶᠢᠨ᠎ᠠ᠃ ᠳᠤᠰ ᠬᠤᠷᠰᠢᠶᠠᠵᠢᠯ ᠤᠨ ᠬᠡᠷᠡᠭ ᠮᠡᠳᠡᠭᠴᠢᠳ ᠤᠨ ᠳᠠᠷᠤᠭ᠎ᠠ | ᠸᠠᠩ ᠪᠠᠢ ᠭᠠᠩ ᠤᠨ ᠪᠤᠳᠤᠵᠤ ᠦᠭᠭᠦᠭᠰᠡᠨ ᠨᠠᠷᠢᠨ ᠳᠠᠩᠰᠠ ᠠᠴᠠ ᠦᠵᠡᠪᠡᠯ᠂ ᠦᠩᠭᠡᠷᠡᠭᠰᠡᠨ ᠳᠤ 1 ᠮᠥ ᠡᠩ ᠤᠨ | ᠳᠤᠳᠤᠷᠭ᠎ᠠ ᠶᠢᠨ ᠳᠠᠷᠢᠶᠠᠨ ᠠᠴᠠ 1000 ᠵᠢᠩ ᠳᠤᠳᠤᠷᠭ᠎ᠠ ᠬᠤᠷᠢᠶᠠᠵᠤ᠂ ᠵᠢᠩ ᠪᠦᠷᠢ ᠶᠢ 1.8 ᠲᠦᠭᠦᠷᠢᠭ ᠢᠶᠠᠷ | ᠬᠤᠳᠠᠯᠳᠤᠪᠠᠯ ᠮᠦ ᠪᠦᠷᠢ ᠠᠴᠠ ᠵᠦᠪᠬᠡᠨ 600 ᠲᠦᠭᠦᠷᠢᠭ ᠤᠨ ᠴᠡᠪᠡᠷ ᠤᠷᠤᠯᠭ᠎ᠠ ᠤᠯᠳᠠᠭ᠃ 2015 ᠤᠨ ᠳᠤ | ᠳᠤᠳᠤᠷᠭ᠎ᠠ ᠶᠢᠨ ᠳᠠᠷᠢᠶᠠᠨ ᠳᠤ ᠵᠢᠭᠠᠰᠤ᠂ ᠨᠠᠢᠮᠠᠯᠵᠢ᠂ ᠨᠤᠭᠤᠰᠤ ᠳᠠᠵᠢᠭᠡᠭᠰᠡᠨ ᠠᠴᠠ ᠮᠦ ᠨᠢᠭᠡᠴᠢ ᠶᠢᠨ ᠴᠡᠪᠡᠷ | ᠤᠷᠤᠯᠭ᠎ᠠ ᠨᠢ ᠭᠤᠷᠪᠠᠨ ᠳᠠᠬᠢᠨ ᠨᠡᠮᠡᠭᠳᠡᠭᠰᠡᠨ ᠪᠠᠶᠢᠨ᠎ᠠ᠃ | ᠤᠳᠤ ᠬᠢᠩᠭᠠᠨ ᠠᠶᠢᠮᠠᠭ ᠤᠨ ᠳᠤᠳᠤᠷᠭ᠎ᠠ ᠶᠢᠨ ᠨᠡᠷ᠎ᠡ ᠠᠯᠳᠠᠷ ᠨᠡᠶᠢᠭᠡᠮ ᠳᠠᠶᠠᠭᠠᠷ ᠲᠤ ᠳᠠᠭᠤᠷᠢᠰᠴᠤ᠂ ᠬᠢᠩᠭᠠᠨ | ᠨᠤᠳᠤᠭ ᠲᠤ ᠤᠰᠤᠨ ᠳᠤᠳᠤᠷᠭ᠎ᠠ ᠳᠠᠷᠢᠵᠤ ᠪᠤᠯᠪᠠᠰᠤᠷᠠᠭᠤᠯᠬᠤ ᠳᠠᠭᠠᠭᠤᠯᠤᠭᠴᠢ ᠠᠵᠤ ᠠᠬᠤᠢᠢᠯᠠᠯ᠂ ᠳᠠᠷᠢᠶᠠᠯᠠᠩ ᠤᠨ | ᠳᠤᠰᠬᠠᠢ ᠬᠤᠷᠰᠢᠶᠠᠵᠢᠯ 100 ᠰᠢᠬᠠᠮ ᠪᠤᠯᠵᠤ᠂ ᠪᠦᠬᠦ ᠠᠶᠢᠮᠠᠭ ᠲᠤ 140 ᠳᠦᠮᠡᠨ ᠮᠦ ᠭᠠᠵᠠᠷ ᠲᠤ ᠤᠰᠤᠨ | ᠳᠤᠳᠤᠷᠭ᠎ᠠ ᠳᠠᠷᠢᠵᠤ ᠤᠷᠭᠤᠭᠤᠯᠵᠤ᠂ ᠵᠢᠱᠢᠯᠳᠡ ᠪᠠᠷ᠂ ᠡᠨᠡ ᠵᠢᠯ ᠤᠨ ᠤᠰᠤᠨ ᠳᠤᠳᠤᠷᠭ᠎ᠠ ᠶᠢᠨ ᠤᠨᠠᠯᠳᠠ 75 | ᠳᠦᠮᠡᠨ ᠳᠤᠨ ᠳᠤ ᠳᠤᠯᠬᠤ ᠪᠤᠯᠤᠨ᠎ᠠ᠃ | ᠬᠢᠩᠭᠠᠨ ᠠᠶᠢᠮᠠᠭ ᠤᠨ ᠳᠤᠳᠤᠷᠭ᠎ᠠ ︽ᠰᠠᠶᠢᠨ ᠠᠮᠤ︾ ᠠᠴᠠ ᠪᠠᠨ ︽ᠨᠠᠷᠠᠳᠤ ᠠᠮᠤ︾ ᠪᠤᠯᠵᠤ ᠬᠤᠪᠢᠷᠠᠯ᠎ᠠ | ᠬᠢᠩᠭᠠᠨ ᠠᠶᠢᠮᠠᠭ ᠤᠮᠠᠷᠠᠳᠤ ᠦᠷᠭᠡᠷᠢᠭ ᠤᠨ 46 ᠭᠷᠡᠳᠦ᠋ᠰ ᠤᠨ ᠶᠡᠭᠡ ᠬᠢᠩᠭᠠᠨ ᠳᠠᠪᠠᠭᠠᠨ ᠤ ᠡᠮᠦᠨ᠎ᠡ | ᠬᠤᠷᠮᠤᠢ ᠶᠢᠨ ᠠᠮᠢ ᠠᠬᠤᠢ ᠶᠢᠨ ᠴᠠᠭᠠᠷᠢᠭ ᠲᠤ ᠪᠠᠶᠢᠷᠢᠰᠢᠵᠤ᠂ ᠳᠡᠯᠡᠬᠡᠢ ᠨᠡᠶᠢᠳᠡ ᠪᠠᠷ ᠵᠦᠪᠰᠢᠶᠡᠷᠡᠭᠰᠡᠨ ᠬᠦᠢᠳᠡᠨ | ᠭᠠᠵᠠᠷ ᠤᠨ ᠤᠰᠤᠨ ᠳᠤᠳᠤᠷᠭ᠎ᠠ ᠶᠢᠨ ᠰᠢᠵᠢᠷ ᠠᠯᠳᠠᠨ ᠪᠦᠰᠡ ᠪᠤᠯᠤᠨ᠎ᠠ᠃ 2018 ᠤᠨ ᠤ 10 ᠰᠠᠷ᠎ᠠ ᠳᠤ | ᠳᠤᠮᠳᠠᠳᠤ ᠤᠯᠤᠰ ᠤᠨ ᠡᠷᠯᠢᠰᠡᠵᠢᠭᠦᠯᠦᠭᠰᠡᠨ ᠤᠰᠤᠨ ᠳᠤᠳᠤᠷᠭ᠎ᠠ ᠪᠤᠶᠢᠵᠢᠭᠤᠯᠬᠤ ᠳᠤᠰᠬᠠᠢ ᠮᠡᠷᠭᠡᠵᠢᠯᠳᠡᠨ᠂ | ᠳᠤᠮᠳᠠᠳᠤ ᠤᠯᠤᠰ ᠤᠨ ᠢᠨᠵᠧᠨᠧᠷᠢᠩ ᠤᠨ ᠬᠦᠷᠢᠶᠡᠯᠡᠩ ᠤᠨ ᠠᠺᠠᠳᠧᠮᠢᠴᠢ ᠶᠤᠸᠠᠨ ᠯᠦᠩ ᠫᠢᠩ ᠤᠨ ᠠᠵᠢᠯ ᠤᠨ | ᠦᠷᠳᠡᠭᠡ ᠮᠠᠨ ᠤ ᠠᠶᠢᠮᠠᠭ ᠲᠤ ᠫᠠᠶᠢᠰᠠ ᠡᠯᠭᠦᠵᠤ᠂ 2019 ᠤᠨ ᠤ 9 ᠰᠠᠷ᠎ᠠ ᠳᠤ᠂ ᠮᠠᠨ ᠤ ᠠᠶᠢᠮᠠᠭ ᠤᠨ | ᠬᠤᠵᠢᠷᠯᠢᠭ ᠭᠠᠵᠠᠷ ᠲᠤ ᠳᠡᠰᠪᠦᠷᠢᠳᠡᠢ 400 ᠮᠥ ᠭᠠᠵᠠᠷ ᠲᠤ ᠤᠰᠤᠨ ᠳᠤᠳᠤᠷᠭ᠎ᠠ ᠳᠤᠷᠰᠢᠨ ᠳᠠᠷᠢᠭᠠᠳ ᠮᠦ | ᠨᠢᠭᠡᠴᠢ ᠶᠢᠨ ᠤᠨᠠᠯᠳᠠ ᠨᠢ 508.8 ᠺᠢᠯᠦᠭᠷᠡᠮ ᠳᠤ ᠳᠤᠯᠤᠭᠰᠠᠨ ᠪᠠᠶᠢᠨ᠎ᠠ᠃ ᠡᠨᠡ ᠨᠢ ᠮᠠᠨ ᠤ ᠠᠶᠢᠮᠠᠭ ᠤᠨ | ᠶᠠᠳᠠᠭᠤ ᠬᠦᠴᠢᠷᠳᠡᠢ ᠮᠠᠯᠴᠢᠨ ᠳᠠᠷᠢᠶᠠᠴᠢᠨ ᠢ ᠳᠠᠶᠢᠴᠢᠯᠠᠨ ᠤᠷᠤᠯᠭ᠎ᠠ ᠶᠢ ᠨᠢ ᠨᠡᠮᠡᠭᠳᠡᠭᠦᠯᠵᠤ᠂ ᠳᠠᠷᠢᠶᠠᠯᠠᠩ ᠮᠠᠯ ᠠᠵᠤ | ᠠᠬᠤᠢ ᠶᠢᠨ ᠦᠨᠳᠦᠷ ᠶᠠᠰᠤ ᠴᠢᠨᠠᠷ ᠲᠠᠢ ᠬᠦᠭᠵᠢᠬᠦ ᠳᠤᠯᠭᠠᠭᠤᠷᠢ ᠠᠵᠤ ᠦᠢᠯᠡᠰ ᠪᠤᠯᠤᠭᠰᠠᠨ ᠢᠶᠠᠷ ᠪᠠᠷᠠᠬᠤ ᠦᠭᠡᠢ | ᠤᠯᠤᠰ ᠤᠨ ᠡᠷᠯᠢᠰᠡᠵᠢᠭᠦᠯᠦᠭᠰᠡᠨ ᠤᠰᠤᠨ ᠳᠤᠳᠤᠷᠭ᠎ᠠ ᠶᠢᠨ ᠢᠨᠵᠧᠨᠧᠷᠢᠩ ᠤᠨ ᠮᠡᠷᠭᠡᠵᠢᠯ ᠰᠤᠳᠤᠯᠬᠤ ᠳᠦᠪ᠂ | ᠵᠢᠶᠠᠩᠰᠢ ᠮᠤᠵᠢ ᠶᠢᠨ ᠳᠠᠷᠢᠶᠠᠯᠠᠩ ᠰᠢᠨᠵᠢᠯᠡᠬᠦ ᠤᠬᠠᠭᠠᠨ ᠮᠡᠷᠭᠡᠵᠢᠯ ᠤᠨ ᠬᠦᠷᠢᠶᠡᠯᠡᠩ᠂ ᠬᠤᠨᠠᠨ ᠮᠤᠵᠢ ᠶᠢᠨ ᠤᠰᠤᠨ | ᠳᠤᠳᠤᠷᠭ᠎ᠠ ᠰᠤᠳᠤᠯᠬᠤ ᠭᠠᠵᠠᠷ ᠵᠡᠷᠭᠡ ᠰᠤᠳᠤᠯᠭᠠᠨ ᠤ ᠳᠦᠪ ᠤᠨ ᠳᠤᠰᠬᠠᠢ ᠮᠡᠷᠭᠡᠵᠢᠯᠳᠡᠨ ᠤ ᠰᠢᠯᠭᠠᠨ | ᠦᠨᠡᠯᠡᠯᠳᠡ ᠪᠠᠷ ᠳᠠᠮᠵᠢᠨ ᠬᠢᠩᠭᠠᠨ ᠠᠶᠢᠮᠠᠭ ᠤᠨ ᠳᠤᠳᠤᠷᠭ᠎ᠠ ᠳᠤ ᠤᠯᠠᠨ ᠵᠦᠢᠯ ᠤᠨ ᠪᠢᠴᠢᠯ ᠡᠯᠧᠮᠧᠨ᠋ᠲ ᠡᠯᠪᠡᠭ | ᠠᠭᠤᠯᠤᠭᠳᠠᠵᠤ ᠪᠠᠶᠢᠭ᠎ᠠ ᠶᠢ ᠭᠡᠷᠡᠴᠢᠯᠡᠵᠤ᠂ ᠮᠠᠨ ᠤ ᠠᠶᠢᠮᠠᠭ ︽ᠳᠤᠮᠳᠠᠳᠤ ᠤᠯᠤᠰ ᠤᠨ ᠳᠠᠯ᠎ᠠ ᠨᠤᠳᠤᠭ ᠤᠨ ᠠᠮᠢ | ᠠᠬᠤᠢ ᠶᠢᠨ ᠳᠤᠳᠤᠷᠭ᠎ᠠ ᠶᠢᠨ ᠬᠤᠳᠠ︾ ᠭᠡᠬᠦ ᠢᠷᠠᠭᠤ ᠠᠯᠳᠠᠷ ᠢ ᠬᠦᠷᠳᠡᠪᠡ᠃ | ᠤᠢᠢᠷ᠎ᠠ ᠶᠢᠨ ᠬᠤᠶᠠᠷ ᠵᠢᠯ ᠳᠤ᠂ ᠮᠠᠨ ᠤ ᠠᠶᠢᠮᠠᠭ ᠤᠯᠤᠰ ᠤᠨ ᠳᠤᠳᠤᠨ᠎ᠠ ᠭᠠᠳᠠᠨᠠᠬᠢ ᠨᠡᠷ᠎ᠠ ᠠᠯᠳᠠᠷᠳᠤ | ᠦᠵᠡᠭᠦᠯᠭᠡ ᠶᠢᠨ ᠳᠠᠪᠴᠠᠩ ᠢᠶᠠᠷ ᠠᠴᠢᠶᠠᠯᠠᠪᠤᠷᠢ ᠪᠤᠯᠭᠠᠵᠤ᠂ ᠬᠢᠩᠭᠠᠨ ᠠᠶᠢᠮᠠᠭ ᠤᠨ ᠳᠤᠳᠤᠷᠭ᠎ᠠ ᠶᠢᠨ ᠳᠦᠷᠦᠯ | ᠳᠡᠮᠳᠡᠭ ᠢᠶᠠᠨ ᠳᠡᠰ ᠳᠡᠪᠰᠢᠭᠦᠯᠵᠤ ᠨᠡᠷ᠎ᠡ ᠠᠯᠳᠠᠷᠴᠠ ᠶᠢ ᠨᠢ ᠮᠠᠨᠳᠤᠭᠤᠯᠪᠠ᠃ ᠳᠠᠪᠤᠨ ᠳᠠᠷᠢᠶ᠎ᠠ ᠪᠤᠯᠪᠠᠰᠤᠷᠠᠵᠤ | ᠳᠠᠩᠰᠤᠭ ᠨᠠᠮᠤᠷ ᠤᠨ ᠤᠯᠠᠷᠢᠯ ᠪᠤᠯᠬᠤᠯᠠᠷ ᠳᠠᠷᠢᠶᠠᠨ ᠭᠠᠵᠠᠷ᠂ ᠦᠳᠦᠷᠮ᠎ᠡ ᠬᠦᠷᠢᠶᠠᠨ ᠳᠤ ᠡᠯᠪᠡᠭ ᠬᠤᠷᠢᠶᠠᠯᠳᠠ ᠶᠢᠨ | ᠡᠭᠡᠰᠢᠭ ᠬᠠᠩᠬᠢᠨᠠᠵᠤ᠂ ᠲᠦᠭᠦᠷᠡᠩ ᠮᠦᠬᠦᠯᠢᠭᠳᠦ ᠳᠤᠳᠤᠷᠭ᠎ᠠ ᠶᠢᠨ ᠳᠦᠷᠦᠭᠦᠦ ᠬᠡᠰᠡᠭ ᠬᠡᠰᠡᠭ ᠳᠠᠷᠢᠶᠠᠨ ᠭᠠᠵᠠᠷ ᠢ | ᠠᠯᠳᠠᠨ ᠰᠢᠷᠭᠠᠯ ᠦᠩᠭᠡ ᠪᠠᠷ ᠪᠤᠳᠤᠭᠯᠠᠨ᠎ᠠ᠃ ᠮᠠᠨ ᠤ ᠠᠶᠢᠮᠠᠭ ᠤᠨ ᠤᠯᠠᠭᠠᠨᠬᠤᠳᠠ ᠶᠢᠨ ᠢᠯᠠᠯᠳᠠ ᠪᠠᠯᠭᠠᠰᠤ᠂ | ᠤᠯᠠᠭᠠᠨᠬᠠᠳᠠ ᠪᠠᠯᠭᠠᠰᠤ ᠶᠢᠨ ᠰᠠᠨ ᠾᠧ ᠳᠤᠰᠬᠤᠨ᠂ ᠵᠠᠯᠠᠶᠢᠳ ᠬᠤᠰᠢᠭᠤᠨ ᠤ ᠬᠤᠯᠪᠤᠭ᠎ᠠ ᠪᠠᠯᠭᠠᠰᠤ ᠵᠡᠷᠭᠡ | ᠤᠰᠤᠨ ᠳᠤᠳᠤᠷᠭ᠎ᠠ ᠶᠢ ᠶᠡᠭᠡ ᠬᠡᠪᠴᠢᠶ᠎ᠡ ᠪᠠᠷ ᠳᠠᠷᠢᠵᠤ ᠪᠠᠶᠢᠭ᠎ᠠ ᠭᠠᠵᠠᠷ ᠤᠷᠤᠨ ᠤᠰᠤᠨ ᠳᠤᠳᠤᠷᠭ᠎ᠠ ᠶᠢᠨ ᠴᠢᠬᠢ | ᠰᠠᠭᠤᠯᠭᠠᠬᠤ ᠨᠠᠶᠢᠷ᠂ ᠤᠰᠤᠨ ᠳᠤᠳᠤᠷᠭ᠎ᠠ ᠶᠢᠨ ᠡᠯᠪᠡᠭ ᠬᠤᠷᠢᠶᠠᠯᠳᠠ ᠶᠢᠨ ᠨᠠᠶᠢᠷ᠂ ᠬᠢᠩᠭᠠᠨ ᠠᠶᠢᠮᠠᠭ ᠤᠨ | ᠳᠤᠳᠤᠷᠭ᠎ᠠ ᠶᠢᠨ ᠠᠮᠳᠠᠳᠤ ᠢᠳᠡᠭᠡᠨ ᠤ ᠰᠤᠶᠤᠯ ᠤᠨ ᠨᠡᠶᠢᠷ ᠢ ᠡᠷᠭᠢᠯᠡᠨ ᠶᠠᠪᠤᠭᠳᠠᠭᠤᠯᠬᠤ ᠪᠠᠷ ᠳᠠᠮᠵᠢᠨ ᠬᠢᠩᠭᠠᠨ | ᠠᠶᠢᠮᠠᠭ ᠤᠨ ᠳᠤᠳᠤᠷᠭ᠎ᠠ ᠶᠢᠨ ᠦᠯᠢᠭᠡᠷ ᠢ ᠶᠠᠷᠢᠵᠤ᠂ ᠳᠦᠷᠦᠯ ᠳᠡᠮᠳᠡᠭ ᠢ ᠳᠡᠰ ᠳᠡᠪᠰᠢᠭᠦᠯᠦᠨ᠂ ᠬᠢᠩᠭᠠᠨ | ᠠᠶᠢᠮᠠᠭ ᠤᠨ ᠳᠤᠳᠤᠷᠭ᠎ᠠ ᠶᠢᠨ ᠨᠦᠯᠦᠭᠡᠯᠡᠬᠦ ᠬᠦᠴᠦᠨ ᠢᠶᠠᠨ ᠳᠡᠭᠡᠭᠰᠢᠯᠡᠭᠦᠯᠪᠡ᠃ 2018 ᠤᠨ ᠠᠴᠠ ᠨᠠᠭᠠᠰᠢ᠂ ︽ | ᠬᠢᠩᠭᠠᠨ ᠠᠶᠢᠮᠠᠭ ᠤᠨ ᠳᠤᠳᠤᠷᠭ᠎ᠠ︾ ᠪᠦᠬᠦ ᠤᠯᠤᠰ ᠤᠨ ᠵᠠᠬ᠎ᠠ ᠳᠡᠯᠭᠡᠭᠦᠷ ᠲᠤ ᠭᠠᠷᠴᠤ᠂ ᠬᠡᠷᠡᠭᠯᠡᠭᠴᠢᠳ ᠤᠨ | ᠬᠦᠷᠢᠶᠡᠯᠡᠯ ᠢ ᠤᠯᠤᠭᠰᠠᠨ ᠢᠶᠠᠷ ᠪᠠᠷᠠᠬᠤ ᠦᠭᠡᠢ ᠤᠯᠤᠰ ᠤᠨ ᠳᠤᠳᠤᠨ᠎ᠠ ᠭᠠᠳᠠᠨᠠᠬᠢ ᠤᠰᠤᠨ ᠳᠤᠳᠤᠷᠭ᠎ᠠ ᠶᠢᠨ | ᠳᠤᠰᠬᠠᠢ ᠮᠡᠷᠭᠡᠵᠢᠯᠳᠡᠳ ᠤᠨ ᠮᠠᠭᠳᠠᠭᠠᠯ ᠰᠠᠶᠢᠰᠢᠶᠠᠯ ᠢ ᠬᠦᠷᠳᠡᠭᠰᠡᠨ ᠪᠠᠶᠢᠨ᠎ᠠ᠃ ︽2018 ᠤᠨ ᠤ ᠳᠤᠮᠳᠠᠳᠤ | ᠤᠯᠤᠰ ᠤᠨ ᠠᠩᠬᠠᠳᠤᠭᠠᠷ ᠬᠤᠭᠤᠴᠠᠭᠠᠨ ᠤ ᠳᠡᠯᠡᠬᠡᠢ ᠨᠡᠶᠢᠳᠡ ᠶᠢᠨ ᠳᠤᠳᠤᠷᠭ᠎ᠠ ᠶᠢᠨ ᠨᠠᠶᠢᠷ︾ ᠲᠤ᠂ ᠬᠢᠩᠭᠠᠨ | ᠠᠶᠢᠮᠠᠭ ᠤᠨ ᠳᠤᠳᠤᠷᠭ᠎ᠠ ᠤᠯᠤᠰ ᠤᠨ ᠳᠤᠳᠤᠨᠡ ᠭᠠᠳᠠᠨ᠎ᠠ ᠠᠴᠠ ᠢᠷᠡᠭᠰᠡᠨ ᠤᠰᠤᠨ ᠳᠤᠳᠤᠷᠭ᠎ᠠ ᠶᠢᠨ ᠨᠡᠷ᠎ᠡ | ᠬᠦᠨᠳᠤᠳᠤ ᠳᠤᠰᠬᠠᠢ ᠮᠡᠷᠭᠡᠵᠢᠯᠳᠡᠨ ᠳᠤ ᠶᠡᠬᠡᠪᠡᠷ ᠮᠠᠭᠳᠠᠭᠳᠠᠵᠤ᠂ ︽2018 ᠤᠨ ᠤ ᠳᠤᠮᠳᠠᠳᠤ ᠤᠯᠤᠰ ᠤᠨ | ᠠᠷᠪᠠᠨ ᠶᠡᠭᠡ ᠳᠤᠳᠤᠷᠭ᠎ᠠ ᠶᠢᠨ ᠤᠷᠤᠨ ᠤ ᠬᠠᠮᠳᠤ ᠪᠠᠷ ᠬᠡᠷᠡᠭᠯᠡᠬᠦ ᠳᠦᠷᠦᠯ ᠳᠡᠮᠳᠡᠭ︾ ᠪᠤᠯᠤᠨ ︽2018 ᠤᠨ ᠤ | ᠠᠷᠪᠠᠨ ᠶᠡᠭᠡ ᠠᠮᠳᠠᠳᠤ ᠪᠤᠳᠠᠭ᠎ᠠ︾ ᠪᠠᠷ ᠦᠨᠡᠯᠡᠭᠳᠡᠪᠡ᠃ ᠳᠤᠮᠳᠠᠳᠤ ᠤᠯᠤᠰ ᠤᠨ ᠳᠠᠷᠢᠶᠠᠯᠠᠩ ᠤᠨ ᠦᠢᠯᠡᠳᠭᠦᠨ ᠤ | ᠵᠠᠬ᠎ᠠ ᠳᠡᠯᠭᠡᠭᠦᠷ ᠤᠨ ᠨᠡᠶᠢᠭᠡᠮᠯᠢᠭ ᠤᠨ ᠠᠩᠬᠠᠳᠤᠭᠠᠷ ᠪᠦᠯᠦᠭ ᠤᠨ ᠳᠠᠷᠢᠶᠠᠯᠠᠩ ᠤᠨ ᠦᠢᠯᠡᠳᠭᠦᠨ ᠤ ᠤᠷᠤᠨ | ᠳᠤᠭᠤᠷᠢᠭ ᠤᠨ ᠬᠠᠮᠳᠤ ᠪᠠᠷ ᠬᠡᠷᠡᠭᠯᠡᠬᠦ ᠳᠦᠷᠦᠯ ᠳᠡᠮᠳᠡᠭ ᠤᠨ ᠦᠨ᠎ᠡ ᠦᠷᠳᠡᠭ ᠢ ᠦᠨᠡᠯᠠᠨ ᠳᠤᠭᠳᠠᠭᠠᠬᠤ | ᠠᠵᠢᠯᠯᠠᠭ᠎ᠠ ᠳᠤ᠂ ᠬᠢᠩᠭᠠᠨ ᠠᠶᠢᠮᠠᠭ ᠤᠨ ᠳᠤᠳᠤᠷᠭ᠎ᠠ ᠶᠢ ᠦᠨᠡᠯᠡᠨ ᠳᠤᠭᠳᠠᠭᠠᠭᠰᠠᠨ ᠶᠡᠷᠦᠩᠬᠡᠢ ᠦᠨ᠎ᠡ ᠦᠷᠳᠡᠭ ᠨᠢ | 180.26 ᠳ᠋ᠦᠩᠰᠢᠭᠤᠷ ᠲᠦᠭᠦᠷᠢᠭ ᠲᠤ ᠳᠤᠯᠵᠤ᠂ ᠪᠦᠬᠦ ᠤᠯᠤᠰ ᠤᠨ ᠠᠩᠬᠠᠳᠤᠭᠠᠷ ᠪᠦᠯᠦᠭ ᠤᠨ ᠵᠠᠭᠤᠨ | ᠬᠦᠴᠦᠷᠭᠡᠭ ᠳᠠᠷᠢᠶᠠᠯᠠᠩ ᠤᠨ ᠦᠢᠯᠡᠳᠭᠦᠨ ᠤ ᠤᠷᠤᠨ ᠳᠤᠭᠤᠷᠢᠭ ᠤᠨ ᠬᠠᠮᠳᠤ ᠪᠠᠷ ᠬᠡᠷᠡᠭᠯᠡᠬᠦ ᠳᠦᠷᠦᠯ ᠳᠡᠮᠳᠡᠭ ᠤᠨ | ᠦᠨ᠎ᠡ ᠦᠷᠳᠡᠭ ᠤᠨ ᠵᠢᠭᠰᠠᠭᠠᠯ ᠳᠤ ᠠᠷᠪᠠᠨ ᠬᠤᠶᠠᠳᠤᠭᠠᠷ ᠨᠡᠷᠡᠰ᠂ ᠠᠮᠤ ᠪᠤᠳᠠᠭᠠᠨ ᠤ ᠳᠦᠷᠦᠯ ᠤᠨ ᠭᠤᠷᠪᠠᠳᠤᠭᠠᠷ | ᠨᠡᠷᠡᠰ ᠢᠶᠠᠷ ᠵᠢᠭᠰᠠᠭᠠᠭᠳᠠᠪᠠ᠃ | ᠬᠢᠩᠭᠠᠨ ᠠᠶᠢᠮᠠᠭ ᠤᠨ ᠳᠤᠳᠤᠷᠭ᠎ᠠ ᠤᠷᠢᠳ ᠬᠤᠵᠢᠳ ᠰᠢᠶᠠᠩᠭᠠᠩ ᠤᠨ ᠠᠩᠬᠠᠳᠤᠭᠠᠷ ᠬᠤᠭᠤᠴᠠᠭᠠᠨ ᠤ ︽ | ᠦᠪᠦᠷ ᠮᠤᠩᠭᠤᠯ • ᠰᠢᠶᠠᠩᠭᠠᠩ ᠤᠨ ᠪᠤᠬᠢᠷᠳᠤᠯ ᠦᠭᠡᠢ ᠳᠠᠷᠢᠶᠠᠯᠠᠩ ᠤᠨ ᠪᠦᠳᠦᠭᠡᠭᠳᠡᠭᠦᠨ ᠮᠠᠯ ᠤᠨ ᠠᠰᠢᠭ | ᠰᠢᠮ᠎ᠡ ᠶᠢᠨ ᠦᠢᠯᠡᠳᠭᠦᠨ ᠤ ᠳᠠᠨᠢᠯᠴᠠᠭᠤᠯᠭ᠎ᠠ ᠶᠢᠨ ᠬᠤᠷᠠᠯ︾᠂ ᠦᠬᠠᠨ ᠤ ︽ᠠᠩᠬᠠᠳᠤᠭᠠᠷ ᠬᠤᠭᠤᠴᠠᠭᠠᠨ ᠤ | ᠳᠡᠯᠡᠬᠡᠢ ᠶᠢᠨ ᠡᠷᠡᠭᠦᠯ ᠴᠢ᠊ ᠬᠢᠷᠠᠭ ᠤᠨ ᠦᠵᠡᠰᠭᠦᠯᠡᠩ︾᠂ ᠭᠤᠸᠠᠩᠵᠸᠤ ᠶᠢᠨ ︽125 ᠳ᠋ᠤᠭᠠᠷ | ᠬᠤᠭᠤᠴᠠᠭᠠᠨ ᠤ ᠳᠤᠮᠳᠠᠳᠤ ᠤᠯᠤᠰ ᠤᠨ ᠪᠤᠭᠤᠮᠳᠠ ᠪᠠᠷ ᠤᠷᠤᠭᠤᠯᠵᠤ ᠭᠠᠷᠭᠠᠬᠤ ᠳᠠᠸᠠᠷ ᠤᠨ ᠠᠷᠠᠯᠵᠢᠶᠠᠨ ᠤ ᠬᠤᠷᠠᠯ | ︾ ᠵᠡᠷᠭᠡ ᠳᠤ ᠤᠷᠤᠯᠴᠠᠵᠤ᠂ ᠳᠤᠰᠬᠠᠢᠢᠯᠠᠨ ︽ᠬᠢᠩᠭᠠᠨ ᠠᠶᠢᠮᠠᠭ ᠤᠨ ᠳᠤᠳᠤᠷᠭ᠎ᠠ︾ ᠶᠢᠨ ᠭᠠᠵᠠᠷ ᠵᠦᠢ ᠶᠢᠨ | ᠰᠢᠨᠵᠢ ᠶᠢᠨ ᠳᠦᠷᠦᠯ ᠳᠡᠮᠳᠡᠭ ᠤᠨ ᠳᠡᠯᠭᠡᠷᠡᠭᠦᠯᠬᠦ ᠳᠤᠭᠤᠷᠢᠭ ᠢ ᠭᠠᠷᠭᠠᠨ᠂ ᠬᠢᠩᠭᠠᠨ ᠠᠶᠢᠮᠠᠭ ᠤᠨ ᠳᠤᠳᠤᠷᠭ᠎ᠠ ᠶᠢ | ᠰᠢᠯᠭᠠᠨ ᠢᠯᠭᠠᠬᠤ ᠠᠵᠢᠯᠯᠠᠭ᠎ᠠ ᠦᠷᠨᠢᠭᠦᠯᠪᠡ᠃ ᠡᠳᠡᠭᠡᠷ ᠠᠵᠢᠯᠯᠠᠭ᠎ᠠ ᠳᠤ ᠤᠷᠤᠯᠴᠠᠬᠤ ᠬᠤᠭᠤᠴᠠᠭᠠᠨ ᠳᠤ᠂ | ᠪᠡᠭᠡᠵᠢᠩ᠂ ᠱᠠᠩᠬᠠᠢ᠂ ᠰᠢᠶᠠᠩᠭᠠᠩ᠂ ᠦᠬᠠᠨ᠂ ᠨᠠᠨᠵᠢᠩ ᠵᠡᠷᠭᠡ ᠭᠠᠵᠠᠷ ᠤᠷᠤᠨ ᠤ ᠺᠤᠮᠫᠠᠨᠢ ᠠᠴᠠ ᠮᠠᠨ ᠤ | ᠠᠶᠢᠮᠠᠭ ᠲᠠᠢ 20 ᠭᠠᠷᠤᠢ ᠳᠦᠷᠦᠯ ᠵᠦᠢᠯ ᠤᠨ ᠬᠠᠮᠵᠢᠯᠴᠠᠭᠠᠨ ᠤ ᠭᠡᠷ᠎ᠡ ᠳᠤᠭᠳᠠᠵᠤ᠂ ᠪᠷᠠᠽᠢᠯ᠂ ᠦᠺᠷᠠᠶᠢᠨ᠂ | ᠰᠢᠩᠭᠠᠫᠤᠷ ᠵᠡᠷᠭᠡ ᠤᠯᠤᠰ ᠤᠨ ᠭᠠᠳᠠᠨᠠᠬᠢ ᠠᠵᠤ ᠠᠬᠤᠢᠢᠯᠠᠯ ᠴᠤ ︽ᠬᠢᠩᠭᠠᠨ ᠠᠶᠢᠮᠠᠭ ᠤᠨ ᠳᠤᠳᠤᠷᠭ᠎ᠠ ᠶᠢ | ᠪᠤᠷᠤᠯᠠᠭᠤᠯᠬᠤ︾ ᠬᠠᠮᠵᠢᠯᠴᠠᠭᠠᠨ ᠤ ᠭᠡᠷ᠎ᠡ ᠳᠤᠭᠳᠠᠭᠰᠠᠨ ᠪᠠᠶᠢᠨ᠎ᠠ᠃ ᠡᠭᠦᠨ ᠠᠴᠠ ᠭᠠᠳᠠᠨ᠎ᠠ ᠮᠠᠨ ᠤ ᠠᠶᠢᠮᠠᠭ | ᠠᠯᠢᠪᠠᠪᠠ᠂ ᠳᠤᠤ ᠪᠤᠤ᠂ ᠬᠤᠷᠳᠤᠨ ᠭᠠᠷ᠂ ᠴᠤᠤᠷᠢᠶ᠎ᠠ ᠵᠡᠷᠭᠡ ᠳᠤᠤᠷ ᠰᠦᠯᠵᠢᠶᠡᠨ ᠤ ᠳᠠᠪᠴᠠᠩ ᠢ ᠠᠰᠢᠭᠯᠠᠨ | ᠬᠢᠩᠭᠠᠨ ᠠᠶᠢᠮᠠᠭ ᠤᠨ ᠳᠤᠳᠤᠷᠭ᠎ᠠ ᠪᠠᠨ ᠪᠤᠷᠤᠯᠠᠭᠤᠯᠵᠤ᠂ ᠬᠢᠩᠭᠠᠨ ᠠᠶᠢᠮᠠᠭ ᠤᠨ ᠳᠤᠳᠤᠷᠭ᠎ᠠ ᠨᠢ ︽ᠰᠠᠶᠢᠨ ᠠᠮᠤ︾ | ᠠᠴᠠ ᠪᠠᠨ ︽ᠨᠠᠷᠠᠳᠤ ᠠᠮᠤ︾ ᠪᠤᠯᠵᠤ ᠳᠠᠭᠤᠷᠢᠰᠤᠭᠰᠠᠨ ᠪᠠᠶᠢᠨ᠎ᠠ᠃ |