1. ᠰᠢᠮ᠎ᠠ ᠳᠡᠵᠢᠭᠡᠯ ᠢ ᠴᠢᠩᠭᠠᠳᠬᠠᠬᠤ ᠦᠨᠢᠶᠡᠨ ᠤ ᠵᠤᠬᠢᠬᠤ ᠳᠠᠷᠭᠤ ᠬᠦᠴᠦ ᠶᠢ ᠪᠠᠳᠤᠯᠠᠬᠤ ᠪᠤᠯ ᠳᠡᠬᠦᠨ ᠤ | ᠭᠡᠪ ᠤᠨ ᠶᠤᠰᠤᠭᠠᠷ ᠤᠷᠤᠭ᠎ᠠ ᠤᠷᠤᠵᠦ ᠭᠡᠭᠡᠯ ᠳᠤᠬᠳᠠᠬᠤ ᠶᠢᠨ ᠪᠤᠳᠠᠰ ᠤᠨ ᠰᠠᠭᠤᠷᠢ ᠪᠤᠯᠤᠨ᠎ᠠ᠃ ᠡᠶᠢᠮᠦ ᠠᠴᠠ | ᠬᠤᠨᠤᠭ ᠤᠨ ᠪᠤᠷᠳᠤᠭᠠᠨ ᠤ ᠰᠢᠮᠡᠳᠦ ᠪᠤᠳᠠᠰ ᠤᠨ ᠨᠠᠶᠢᠷᠠᠯᠭ᠎ᠠ ᠶᠢ ᠪᠦᠷᠢᠨ ᠪᠠᠶᠢᠯᠭᠠᠬᠤ ᠨᠢ ᠲᠦᠢᠯ ᠤᠨ ᠴᠢᠬᠤᠯᠠ | ᠶᠤᠮ᠂ ᠤᠨᠴᠠᠭᠠᠢᠢᠯᠠᠨ ᠡᠷᠦᠳᠡᠰᠦ ᠪᠤᠳᠠᠰ ᠸᠢᠲ᠋ᠠᠮᠢᠨ ᠤ ᠰᠢᠮ᠎ᠠ ᠳᠡᠵᠢᠭᠡᠯ ᠪᠦᠷᠢᠨ ᠪᠦᠭᠡᠳ ᠬᠦᠢᠴᠡᠳ ᠪᠠᠶᠢᠬᠤ ᠶᠢ | ᠪᠠᠳᠤᠯᠠᠬᠤ ᠭᠡᠷᠡᠭᠳᠠᠢ᠃ | 2 . ᠬᠠᠮᠢᠶᠠᠷᠤᠯᠳᠠ ᠪᠠᠨ ᠴᠢᠩᠭᠠᠳᠬᠠᠬᠤ ᠡᠪᠤᠯ ᠪᠤᠯ ᠦᠨᠢᠶᠡᠨ ᠤ ᠰᠠᠷᠠᠪᠴᠢᠨ ᠤ ᠳᠤᠯᠠᠭᠠᠨ ᠢ 0 | ᠭᠷᠡᠳᠦ᠋ᠰ ᠠᠴᠠ ᠳᠡᠭᠡᠭᠰᠢ ᠪᠠᠶᠢᠯᠭᠠᠬᠤ ᠭᠡᠷᠡᠭᠳᠠᠢ᠃ ᠳᠤᠭᠤᠯ ᠪᠤᠶᠢᠵᠢᠭᠤᠯᠬᠤ ᠠᠵᠢᠯ ᠢ ᠴᠢᠩᠭᠠᠳᠬᠠᠨ᠂ | ᠤᠨᠳᠤᠷᠠᠯᠳᠠ ᠶᠢᠨ ᠨᠤᠷᠮ᠎ᠠ ᠦᠨᠳᠦᠷ ᠪᠠᠶᠢᠬᠤ ᠶᠢ ᠪᠠᠳᠤᠯᠠᠬᠤ ᠭᠡᠷᠡᠭᠳᠠᠢ᠃ ᠳᠤᠭᠤᠯ ᠢ ᠡᠷᠳᠡ ᠰᠦ ᠠᠴᠠ ᠰᠠᠯᠭᠠᠵᠦ᠂ | ᠦᠨᠢᠶ᠎ᠠ ᠶᠢᠨ ᠳᠠᠷᠭᠤ ᠬᠦᠴᠦ ᠡᠷᠳᠡ ᠨᠡᠮᠡᠭᠳᠡᠵᠦ᠂ ᠡᠷᠳᠡ ᠤᠷᠤᠭ᠎ᠠ ᠤᠷᠤᠪᠠᠯ ᠭᠡᠭᠡᠯ ᠳᠤᠬᠳᠠᠬᠤ ᠳᠤ ᠪᠠᠳᠤ ᠲᠠᠢ | ᠰᠠᠭᠤᠷᠢ ᠳᠠᠯᠪᠢᠨ᠎ᠠ᠃ ᠳᠤᠭᠤᠯ ᠢ ᠶᠡᠷᠦ ᠳᠤ ᠪᠠᠨ 3 ᠰᠠᠷ᠎ᠠ ᠲᠠᠢ ᠦᠶ᠎ᠠ ᠳᠤ ᠰᠦ ᠠᠴᠠ ᠰᠠᠯᠭᠠᠳᠠᠬ᠃ ᠵᠤᠬᠢᠶᠠᠮᠠᠯ | ᠭᠡᠭᠡᠯᠳᠦᠬᠦᠯᠭᠡ ᠶᠢᠨ ᠦᠷ᠎ᠠ ᠶᠢᠨ ᠰᠢᠩᠭᠡᠨ ᠤ ᠶᠠᠰᠦ ᠴᠢᠨᠠᠷ ᠢ ᠪᠠᠳᠤᠯᠠᠨ ᠦᠷ᠎ᠠ ᠳᠠᠮᠵᠢᠭᠤᠯᠬᠤ ᠮᠡᠷᠭᠡᠵᠢᠯ ᠢ | ᠪᠤᠯᠪᠠᠰᠤᠷᠠᠩᠭᠤᠢ ᠡᠵᠡᠮᠰᠢᠵᠦ᠂ ᠳᠤᠬᠢᠷᠠᠬᠰᠠᠨ ᠴᠠᠬ ᠲᠤ ᠨᠢ ᠦᠷ᠎ᠠ ᠳᠠᠮᠵᠢᠭᠤᠯᠬᠤ ᠭᠡᠷᠡᠭᠳᠠᠢ᠃ ᠭᠡᠭᠡᠯ ᠢ ᠡᠷᠳᠡ | ᠪᠠᠶᠢᠴᠠᠭᠠᠨ ᠡᠷᠳᠡ ᠳᠤᠳᠤᠯᠠᠵᠦ᠂ ᠭᠡᠭᠡᠯ ᠳᠤᠬᠳᠠᠬᠰᠠᠨ ᠦᠭᠡᠢ ᠪᠤᠯ ᠳᠠᠬᠢᠨ ᠭᠡᠭᠡᠯᠳᠤᠬᠦᠯᠬᠦ ᠭᠡᠷᠡᠭᠳᠠᠢ᠃ | 3 . ᠤᠷᠤᠭ᠎ᠠ ᠦᠭᠡᠢ ᠦᠨᠢᠶ᠎ᠠ ᠶᠢ ᠪᠠᠶᠢᠴᠠᠭᠠᠨ ᠢᠯᠡᠷᠡᠬᠦᠯᠬᠦ ᠳᠤᠬᠳᠠᠬᠰᠠᠨ ᠴᠠᠬ ᠲᠤ ᠪᠠᠨ ᠤᠷᠤᠭ᠎ᠠ ᠤᠷᠤᠬᠤ | ᠦᠭᠡᠢ ᠦᠨᠢᠶ᠎ᠠ ᠶᠢ ᠡᠷᠳᠡ ᠠᠴᠠ ᠪᠠᠶᠢᠴᠠᠭᠠᠨ ᠠᠰᠠᠭᠤᠳᠡᠯ ᠢ ᠡᠷᠳᠡ ᠢᠯᠡᠷᠡᠬᠦᠯᠤᠨ ᠡᠷᠳᠡ ᠰᠢᠢᠳᠪᠦᠷᠢᠯᠡᠨ᠎ᠠ᠃ | ᠦᠷᠡᠵᠢᠯ ᠤᠨ ᠡᠪᠡᠳᠴᠢᠨ ᠲᠠᠢ ᠦᠨᠢᠶ᠎ᠠ ᠶᠢ ᠡᠷᠳᠡ ᠢᠯᠡᠷᠡᠬᠦᠯᠤᠨ ᠡᠷᠳᠡ ᠵᠠᠰᠠᠨ᠎ᠠ᠃ ᠦᠨᠢᠶ᠎ᠠ ᠨᠢ ᠳᠤᠳᠤᠷᠬᠠᠢ | ᠡᠪᠡᠳᠴᠢᠨ ᠦᠭᠡᠢ ᠪᠦᠭᠡᠳ ᠳᠠᠷᠭᠤ ᠬᠦᠴᠦ ᠨᠢ ᠳᠤᠬᠢᠷᠠᠮᠵᠢᠳᠠᠢ ᠪᠠᠶᠢᠳᠠᠯ᠎ᠠ ᠪᠠᠨ ᠪᠠᠰᠠ ᠤᠷᠤᠭ᠎ᠠ ᠤᠷᠤᠬᠤ ᠦᠭᠡᠢ | ᠪᠠᠶᠢᠪᠠᠯ ᠬᠤᠷᠮᠤᠨ ᠢᠶᠠᠷ ᠦᠳᠦᠭᠡᠵᠦ ᠤᠷᠤᠭ᠎ᠠ ᠤᠷᠤᠭᠤᠯᠵᠦ ᠪᠤᠯᠤᠨ᠎ᠠ᠃ | 4 . ᠦᠷᠡᠵᠢᠬᠦᠯᠤᠯᠭᠡ ᠶᠢᠨ ᠰᠢᠨ᠎ᠠ ᠮᠡᠷᠭᠡᠵᠢᠯ ᠢ ᠭᠡᠷᠡᠭᠯᠡᠬᠦ ᠤᠳᠤᠬᠠᠨ ᠳᠤ ᠦᠭᠡᠷ ᠤᠨ ᠦᠷᠡᠵᠢᠬᠦᠯᠦᠯᠭᠡ ᠶᠢᠨ | ᠮᠡᠷᠭᠡᠵᠢᠯ ᠳᠤ ᠵᠤᠬᠢᠶᠠᠮᠠᠯ ᠭᠡᠭᠡᠯᠳᠤᠬᠦᠯᠭᠡ ᠶᠢᠨ ᠮᠡᠷᠭᠡᠵᠢᠯ ᠠᠴᠠ ᠭᠠᠳᠠᠨ᠎ᠠ᠂ ᠤᠷᠤᠭ᠎ᠠ ᠵᠢᠭᠳᠡᠷᠡᠬᠦᠯᠬᠦ᠂ ᠤᠯᠠᠨ | ᠦᠨᠳᠡᠭᠡ ᠭᠠᠳᠠᠬᠰᠢᠯᠠᠭᠤᠯᠬᠤ᠂ ᠬᠦᠪᠦᠷᠡᠯ ᠰᠢᠯᠵᠢᠬᠦᠯᠬᠦ ᠪᠠ ᠢᠭᠡᠷᠡᠯᠡᠬᠦᠯᠬᠦ ᠵᠡᠷᠭᠡ ᠰᠢᠨ᠎ᠠ ᠮᠡᠷᠭᠡᠵᠢᠯ ᠢ | ᠲᠦᠭᠡᠮᠡᠯᠵᠢᠬᠦᠯᠤᠨ ᠭᠡᠷᠡᠭᠯᠡᠵᠦ ᠪᠠᠶᠢᠨ᠎ᠠ᠃ ᠡᠳᠡᠭᠡᠷ ᠮᠡᠷᠭᠡᠵᠢᠯ ᠨᠢ ᠦᠭᠡᠷ ᠤᠨ ᠦᠷᠡᠵᠢᠯ ᠤᠨ ᠴᠢᠳᠠᠪᠤᠷᠢ ᠶᠢ | ᠰᠠᠶᠢᠵᠢᠷᠠᠭᠤᠯᠬᠤ ᠪᠠ ᠦᠷᠡᠵᠢᠯᠳᠠ ᠶᠢᠨ ᠨᠤᠷᠮ᠎ᠠ ᠶᠢ ᠳᠡᠭᠡᠭᠰᠢᠯᠡᠬᠦᠯᠬᠦ ᠳᠤ ᠮᠠᠰᠢ ᠴᠢᠬᠤᠯᠠ ᠠᠬᠢᠭᠤᠯᠬᠤ ᠦᠢᠯᠡᠳᠤᠯ | ᠦᠵᠡᠬᠦᠯᠵᠦ ᠴᠢᠳᠠᠨ᠎ᠠ᠃ |