︵ᠨᠢᠭᠡ︶ | ᠨᠢᠭᠡ᠂ ᠤᠰᠥᠨ ᠵᠢᠬᠦᠷᠳᠡᠨ ᠤ ᠳᠡᠵᠢᠭᠡᠯ ᠪᠤᠷᠳᠤᠭᠠᠨ ᠤ ᠨᠠᠶᠢᠷᠠᠯᠭ᠎ᠠ ᠶᠢ ᠲᠦᠰᠥᠪᠯᠡᠬᠦ ᠳᠤ ᠠᠩᠬᠠᠷᠬᠤ ᠵᠥᠢᠯ | 1. ᠭᠠᠯᠠᠭᠤ ᠶᠢᠨ ᠰᠢᠮ᠎ᠡ ᠳᠡᠵᠢᠭᠡᠯ ᠤᠨ ᠬᠡᠷᠡᠭᠴᠡᠭᠡ ᠪᠠ ᠳᠡᠵᠢᠭᠡᠯ ᠪᠤᠷᠳᠤᠭᠠᠨ ᠤ ᠨᠠᠶᠢᠷᠠᠯᠭ᠎ᠠ ᠶᠢᠨ ᠤᠨᠴᠠᠯᠢᠭ᠄ | ᠭᠠᠯᠠᠭᠤ ᠪᠤᠯ ᠤᠰᠥᠨ ᠳᠡᠵᠢᠭᠡᠯᠳᠡᠨ ᠪᠦᠭᠡᠳ ᠪᠦᠳᠥᠬᠦᠯᠢᠭ ᠳᠡᠵᠢᠭᠡᠯ ᠪᠤᠷᠳᠤᠭᠠᠨ ᠳᠤ ᠳᠤᠷᠠᠳᠠᠢ᠂ ᠨᠤᠳᠤᠭ ᠤᠨ | ᠡᠬᠦᠯᠳᠡᠷ ᠨᠢ ᠰᠦᠷᠥᠭᠯᠡᠨ ᠬᠠᠷᠢᠭᠤᠯᠬᠤ ᠨᠦᠬᠦᠴᠡᠯ ᠲᠠᠢ ᠦᠶᠡᠰ᠂ ᠦᠰᠥᠯᠳᠡ ᠶᠢᠨ ᠱᠠᠳᠥᠨ ᠳᠤ ᠨᠢ ᠡᠳᠥᠷ | ᠪᠡᠯᠴᠢᠭᠡᠷᠯᠡᠬᠦᠯᠥᠨ ᠪᠠᠶᠢᠭᠠᠯᠢ ᠶᠢᠨ ᠬᠦᠭᠡ ᠡᠪᠡᠰᠥ ᠪᠤᠷᠳᠤᠭ᠎ᠠ ᠪᠠ ᠤᠷᠭᠤᠮᠠᠯ ᠤᠨ ᠦᠷ᠎ᠡ ᠵᠢᠮᠢᠰ ᠢᠶᠠᠷ ᠭᠤᠤᠯ | ᠳᠡᠵᠢᠭᠡᠯ ᠢᠶᠠᠨ ᠪᠤᠯᠭᠠᠳᠠᠭ᠃ ᠦᠷᠯᠥᠭᠡ᠂ ᠦᠳᠡ᠂ ᠤᠷᠤᠢ ᠳᠤ ᠪᠠᠨ ᠠᠭ᠎ᠠ ᠬᠡᠪᠡᠭ ᠢᠶᠠᠷ ᠭᠤᠤᠯ ᠪᠤᠯᠭᠠᠭᠰᠠᠨ | ᠬᠤᠯᠢᠮᠠᠭ ᠳᠡᠵᠢᠭᠡᠯ ᠪᠤᠷᠳᠤᠭ᠎ᠠ ᠨᠦᠬᠦᠪᠤᠷᠢᠯᠡᠨ ᠦᠭᠴᠥ᠂ ᠨᠠᠷᠢᠨ ᠪᠤᠷᠳᠤᠭᠠᠨ ᠤ ᠬᠡᠷᠡᠭᠯᠡᠬᠦ ᠬᠡᠮᠵᠢᠶ᠎ᠡ ᠨᠢ ᠲᠤᠩ | ᠪᠠᠭ᠎ᠠ ᠪᠠᠶᠢᠳᠠᠭ᠃ ᠭᠠᠳᠠᠨ᠎ᠠ ᠠᠴᠠ ᠤᠷᠤᠭᠤᠯᠵᠤ ᠢᠷᠡᠭᠰᠡᠨ ᠢᠳᠡᠰᠢᠨ ᠭᠠᠯᠠᠭᠤ ᠶᠢᠨ ᠡᠬᠦᠯᠳᠡᠷ ᠤᠨ ᠰᠢᠮ᠎ᠡ | ᠳᠡᠵᠢᠭᠡᠯ ᠤᠨ ᠱᠠᠭᠠᠷᠳᠠᠯᠭ᠎ᠠ ᠨᠢ ᠢᠳᠡᠰᠢᠨ ᠲᠠᠬᠢᠶ᠎ᠠ ᠲᠠᠢ ᠦᠨᠳᠥᠰᠥᠨ ᠳᠤ ᠪᠠᠨ ᠠᠳᠠᠯᠢ᠂ ᠳᠡᠵᠢᠭᠡᠯ ᠪᠤᠷᠳᠤᠭᠠᠨ ᠤ | ᠨᠠᠶᠢᠷᠠᠯᠭ᠎ᠠ ᠶᠢ ᠲᠦᠰᠥᠪᠯᠡᠬᠦ ᠦᠶᠡᠰ ᠳᠠᠬᠢᠶ᠎ᠡ ᠶᠢᠨ ᠳᠡᠵᠢᠭᠡᠯ ᠪᠤᠷᠳᠤᠭᠠᠨ ᠤ ᠨᠠᠶᠢᠷᠠᠯᠭ᠎ᠠ ᠶᠢᠨ ᠲᠦᠬᠦᠭᠡᠢ ᠮᠠᠲ᠋ᠧᠷᠢᠶᠠᠯ | ᠰᠤᠩᠭᠤᠬᠤ ᠲᠦᠰᠥᠪ ᠢᠶᠠᠷ ᠯᠠᠪᠯᠠᠯᠳᠠ ᠪᠤᠯᠭᠠᠵᠤ ᠪᠤᠯᠤᠨ᠎ᠠ᠃ ᠨᠠᠶᠢᠷᠠᠭᠤᠯᠤᠭᠰᠠᠨ ᠳᠡᠵᠢᠭᠡᠯ ᠪᠤᠷᠳᠤᠭ᠎ᠠ ᠪᠠᠷ ᠳᠡᠵᠢᠭᠡᠬᠦ | ᠦᠶᠡᠰ 30% — 50% ᠶᠢᠨ ᠴᠠᠯ ᠨᠤᠭᠤᠭᠠᠨ ᠳᠡᠵᠢᠭᠡᠯ ᠪᠤᠷᠳᠤᠭ᠎ᠠ ᠪᠤᠶᠤ ᠵᠤᠬᠢᠬᠤ ᠬᠡᠮᠵᠢᠶᠡᠨ ᠤ ᠬᠦᠭᠡ | ᠡᠪᠡᠰᠥᠨ ᠳᠠᠯᠬ᠎ᠠ᠂ ᠤᠷᠭᠤᠮᠠᠯ ᠤᠨ ᠨᠠᠪᠴᠢᠨ ᠤ ᠳᠠᠯᠬ᠎ᠠ ᠶᠢ ᠬᠤᠯᠢᠵᠤ ᠦᠭᠴᠥ ᠪᠤᠯᠤᠨ᠎ᠠ᠃ ᠠᠮᠢᠳᠠᠨ ᠤ ᠴᠢᠨᠠᠷᠳᠠᠢ | ᠳᠡᠵᠢᠭᠡᠯ ᠪᠤᠷᠳᠤᠭᠠᠨ ᠳᠤ ᠦᠨ᠎ᠠ ᠬᠠᠨᠭ᠍ᠰᠢ ᠨᠢ ᠬᠢᠮᠳᠠ ᠰᠢᠭ᠋ ᠳᠡᠳ᠋ ᠵᠡᠷᠭᠡ ᠶᠢᠨ ᠵᠢᠭᠠᠰᠥᠨ ᠳᠠᠯᠬ᠎ᠠ᠂ ᠶᠠᠰᠥᠨ | ᠨᠤᠨᠳᠠᠭ ᠵᠡᠷᠭᠡ ᠠᠴᠠ ᠰᠤᠩᠭᠤᠨ ᠬᠡᠷᠡᠭᠯᠡᠵᠤ ᠪᠤᠯᠤᠨ᠎ᠠ᠃ | 2. ᠨᠤᠭᠤᠰᠥ ᠶᠢᠨ ᠰᠢᠮ᠎ᠡ ᠳᠡᠵᠢᠭᠡᠯ ᠤᠨ ᠬᠡᠷᠡᠭᠴᠡᠭᠡ ᠪᠠ ᠳᠡᠵᠢᠭᠡᠯ ᠪᠤᠷᠳᠤᠭᠠᠨ ᠤ ᠨᠠᠶᠢᠷᠠᠯᠭ᠎ᠠ ᠶᠢᠨ ᠤᠨᠴᠠᠯᠢᠭ | ᠄ ᠳᠡᠵᠢᠭᠡᠯ ᠪᠤᠷᠳᠤᠭᠠᠨ ᠤ ᠨᠠᠶᠢᠷᠠᠯᠭ᠎ᠠ ᠶᠢ ᠲᠦᠰᠥᠪᠯᠡᠬᠦ ᠦᠶᠡᠰ ᠢᠳᠡᠰᠢᠨ ᠳᠠᠬᠢᠶ᠎ᠠ ᠶᠢᠨ ᠳᠡᠵᠢᠭᠡᠯ ᠪᠤᠷᠳᠤᠭᠠᠨ ᠤ | ᠨᠠᠶᠢᠷᠠᠯᠭ᠎ᠠ ᠶᠢ ᠯᠠᠪᠯᠠᠯᠳᠠ ᠪᠤᠯᠭᠠᠬᠤ ᠪᠤᠶᠤ ᠢᠳᠡᠰᠢᠨ ᠳᠠᠬᠢᠶ᠎ᠠ ᠶᠢᠨ ᠳᠡᠵᠢᠭᠡᠯ ᠪᠤᠷᠳᠤᠭ᠎ᠠ ᠶᠢ ᠰᠢᠭᠤᠳ ᠬᠡᠷᠡᠭᠯᠡᠭᠰᠡᠨ | ᠴᠥ ᠪᠤᠯᠤᠨ᠎ᠠ᠃ ᠨᠤᠭᠤᠰᠥ ᠶᠢᠨ ᠳᠡᠵᠢᠭᠡᠯ ᠪᠤᠷᠳᠤᠭᠠᠨ ᠤ ᠨᠠᠶᠢᠷᠠᠯᠭ᠎ᠠ ᠶᠢᠨ ᠲᠦᠬᠦᠬᠡᠢ ᠮᠠᠲ᠋ᠧᠷᠢᠶᠠᠯ ᠢ ᠰᠤᠩᠭᠤᠬᠤ | ᠬᠡᠪᠴᠢᠶ᠎ᠡ ᠨᠢ ᠢᠳᠡᠰᠢᠨ ᠳᠠᠬᠢᠶ᠎ᠠ ᠠᠴᠠ ᠦᠷᠭᠡᠨ᠂ ᠵᠢᠱᠢᠶᠡᠯᠡᠪᠡᠯ ᠳᠡᠳ᠋ ᠵᠡᠷᠭᠡ ᠶᠢᠨ ᠱᠤᠷᠪᠤᠭ᠂ ᠰᠤᠯᠠ ᠵᠢᠭᠠᠰᠥᠨ | ᠳᠠᠯᠬ᠎ᠠ᠂ ᠡᠯ᠎ᠡ ᠵᠥᠢᠯ ᠤᠨ ᠤᠭᠤᠷᠠᠭ ᠤᠨ ᠨᠤᠨᠳᠠᠭ᠂ ᠠᠭ᠎ᠠ ᠬᠡᠪᠡᠭ ᠵᠡᠷᠭᠡ ᠳᠠᠷᠢᠶᠠᠯᠠᠩ ᠤᠨ ᠳᠤᠰᠠᠯᠠᠬᠤ ᠠᠵᠤ | ᠠᠬᠤᠢ ᠶᠢᠨ ᠪᠦᠷᠢᠯᠳᠥᠬᠦᠨ ᠢᠶᠠᠷ ᠴᠦᠮ ᠨᠤᠭᠤᠰᠥ ᠳᠡᠵᠢᠭᠡᠵᠤ ᠪᠤᠯᠤᠨ᠎ᠡ᠃ ᠨᠤᠳᠤᠭ ᠤᠨ ᠡᠬᠦᠯᠳᠡᠷ ᠤᠨ | ᠨᠤᠭᠤᠰᠥ ᠨᠢ ᠪᠦᠳᠥᠬᠦᠯᠢᠭ ᠳᠡᠵᠢᠭᠡᠯ ᠪᠤᠷᠳᠤᠭᠠᠨ ᠳᠤ ᠳᠤᠷᠠᠳᠠᠢ᠂ ᠦᠰᠥᠯᠳᠡ ᠶᠢᠨ ᠱᠠᠳᠥᠨ ᠳᠤ ᠨᠢ | ᠪᠡᠯᠴᠢᠭᠡᠷᠯᠡᠬᠦᠯᠥᠨ ᠬᠠᠷᠢᠭᠤᠯᠵᠤ ᠤᠰᠥᠨ ᠤ ᠠᠮᠢᠳᠠᠨ ᠢᠶᠠᠷ ᠭᠤᠤᠯ ᠢᠳᠡᠰᠢ ᠪᠠᠨ ᠪᠤᠯᠭᠠᠳᠠᠭ᠃ ᠦᠨᠳᠡᠭᠡᠨ | ᠨᠤᠭᠤᠰᠥ ᠨᠢ ᠬᠠᠷᠢᠨ ᠬᠠᠷᠢᠭᠤᠯᠬᠤ ᠪᠠ ᠳᠡᠵᠢᠭᠡᠯ ᠪᠤᠷᠳᠤᠭ᠎ᠠ ᠨᠦᠬᠦᠪᠤᠷᠢᠯᠡᠬᠦ ᠶᠢ ᠤᠶᠠᠯᠳᠤᠭᠤᠯᠳᠠᠭ᠃ ᠬᠠᠰᠢᠶᠠᠯᠠᠨ | ᠳᠡᠵᠢᠭᠡᠳᠡᠭ ᠦᠨᠳᠡᠭᠡᠨ ᠨᠤᠭᠤᠰᠥ ᠶᠢ ᠦᠨᠳᠡᠭᠡᠨ ᠳᠠᠬᠢᠶ᠎ᠠ ᠶᠢᠨ ᠳᠡᠵᠢᠭᠡᠯ ᠪᠤᠷᠳᠤᠭ᠎ᠠ ᠪᠠᠷ ᠳᠡᠵᠢᠭᠡᠵᠤ ᠪᠤᠯᠤᠨ᠎ᠠ᠃ | ᠳᠡᠵᠢᠭᠡᠯ ᠪᠤᠷᠳᠤᠭ᠎ᠠ ᠨᠡᠮᠡᠨ ᠪᠤᠷᠳᠤᠵᠤ ᠪᠠᠶᠢᠭ᠎ᠠ ᠡᠬᠦᠯᠳᠡᠷ᠂ ᠵᠢᠱᠢᠶᠡᠯᠡᠪᠡᠯ ᠪᠡᠭᠡᠵᠢᠩ ᠨᠤᠭᠤᠰᠥ ᠶᠢ ᠪᠤᠷᠳᠤᠬᠤ | ᠬᠤᠭᠤᠴᠠᠭᠠᠨ ᠳᠤ ᠨᠢ ᠡᠷᠳᠡᠨᠢ ᠰᠢᠰᠢ ᠪᠠᠷ ᠭᠤᠤᠯᠯᠠᠵᠤ᠂ ᠪᠠᠭ᠎ᠠ ᠬᠡᠮᠵᠢᠶᠡᠨ ᠤ ᠤᠭᠤᠷᠠᠭᠳᠥ ᠳᠡᠵᠢᠭᠡᠯ ᠪᠤᠷᠳᠤᠭ᠎ᠠ | ᠵᠡᠷᠭᠡ ᠶᠢ ᠨᠠᠶᠢᠷᠠᠭᠤᠯᠵᠤ ᠦᠭᠬᠦᠨ᠎ᠡ᠃ | ᠬᠤᠶᠠᠷ᠂ ᠭᠠᠭ᠋ᠠᠢ ᠶᠢᠨ ᠳᠡᠵᠢᠭᠡᠯ ᠪᠤᠷᠳᠤᠭᠠᠨ ᠤ ᠨᠠᠶᠢᠷᠠᠯᠭ᠎ᠠ ᠶᠢ ᠲᠦᠰᠥᠪᠯᠡᠬᠦ ᠳᠤ ᠠᠩᠬᠠᠷᠬᠤ ᠵᠥᠢᠯ | 1. ᠳᠤᠷᠤᠢ ᠶᠢᠨ ᠰᠢᠮ᠎ᠡ ᠳᠡᠵᠢᠭᠡᠯ ᠤᠨ ᠬᠡᠷᠡᠭᠴᠡᠭᠡ ᠪᠠ ᠳᠡᠵᠢᠭᠡᠯ ᠪᠤᠷᠳᠤᠭᠠᠨ ᠤ ᠨᠠᠶᠢᠷᠠᠯᠭ᠎ᠠ ᠶᠢᠨ ᠤᠨᠴᠠᠯᠢᠭ᠄ | ᠳᠤᠷᠤᠢ ᠶᠢ ᠪᠡᠶ᠎ᠡ ᠶᠢᠨ ᠵᠢᠩ ᠢᠶᠠᠷ ᠨᠢ 0 — 5 ᠺᠢᠯᠦᠭᠷᠠᠮ᠂ 5 — 10 ᠺᠢᠯᠦᠭᠷᠠᠮ᠂ 10 — 20 | ᠺᠢᠯᠦᠭᠷᠠᠮ ᠭᠡᠵᠤ ᠭᠤᠷᠪᠠᠨ ᠬᠤᠭᠤᠴᠠᠭ᠎ᠠ ᠬᠤᠪᠢᠶᠠᠬᠤ ᠪᠤᠶᠤ ᠰᠦ ᠠᠴᠠ ᠨᠢ ᠰᠠᠯᠭᠠᠬᠤ ᠶᠢᠨ ᠡᠮᠥᠨ᠎ᠡ ᠪᠠ | ᠰᠦ ᠠᠴᠠ ᠨᠢ ᠰᠠᠯᠭᠠᠭᠰᠠᠨ ᠤ ᠬᠤᠶᠢᠨ᠎ᠠ ᠭᠡᠵᠤ ᠬᠤᠪᠢᠶᠠᠵᠤ ᠪᠤᠯᠤᠨ᠎ᠠ᠃ ᠰᠦ ᠠᠴᠠ ᠨᠢ ᠰᠠᠯᠭᠠᠬᠤ ᠠᠴᠠ ᠡᠮᠥᠨ᠎ᠡ | ᠬᠤᠭᠤᠴᠠᠭᠠᠨ ᠳᠤ ᠮᠡᠭᠡᠵᠢ ᠶᠢᠨ ᠰᠦ ᠶᠢ ᠤᠷᠤᠯᠠᠭᠤᠯᠵᠤ ᠴᠢᠳᠠᠬᠤ ᠤᠷᠤᠯᠠᠮᠠᠯ ᠰᠦᠨ ᠳᠠᠯᠬ᠎ᠠ ᠨᠠᠶᠢᠷᠠᠭᠤᠯᠵᠤ | ᠦᠭᠪᠡᠯ ᠵᠤᠬᠢᠨ᠎ᠠ᠂ ᠲᠦᠬᠦᠬᠡᠢ ᠮᠠᠲ᠋ᠧᠷᠢᠶᠠᠯ ᠰᠤᠩᠭᠤᠬᠤ ᠳᠤ ᠪᠠᠨ ᠬᠢᠯᠪᠠᠷ ᠰᠢᠩᠭᠡᠬᠦ᠂ ᠤᠬᠢ ᠰᠠᠶᠢᠨ ᠰᠢᠯᠢᠳᠡᠭ | ᠲᠦᠬᠦᠬᠡᠢ ᠮᠠᠲ᠋ᠧᠷᠢᠶᠠᠯ᠂ ᠵᠢᠱᠢᠶᠡᠯᠡᠪᠡᠯ ᠰᠦᠨ ᠲᠠᠯᠬ᠎ᠠ᠂ ᠰᠢᠷᠠᠰᠥᠨ ᠳᠠᠯᠬ᠎ᠠ᠂ ᠦᠵᠥᠮ ᠤᠨ ᠰᠢᠬᠢᠷ᠂ ᠰᠦᠨ ᠰᠢᠬᠢᠷ | ᠂ ᠡᠯᠡᠰᠥᠨ ᠰᠢᠬᠢᠷ᠂ ᠵᠢᠭᠠᠰᠥᠨ ᠳᠠᠯᠬ᠎ᠠ᠂ ᠬᠠᠭᠤᠷᠤᠭᠰᠠᠨ ᠠᠮᠥ ᠪᠤᠳᠠᠭ᠎ᠠ ᠵᠡᠷᠭᠡ᠃ ᠰᠦ ᠠᠴᠠ ᠨᠢ ᠰᠠᠯᠭᠠᠭᠰᠠᠨ ᠤ | ᠬᠤᠶᠢᠨᠠᠬᠢ ᠬᠤᠭᠤᠴᠠᠭᠠᠨ ᠳᠤ ᠪᠦᠳᠥᠬᠦᠨ ᠰᠢᠷᠭᠡᠭᠯᠢᠭ ᠤᠨ ᠠᠭᠤᠯᠤᠭᠳᠠᠴᠠ ᠪᠠᠷ ᠳᠤᠤᠷ᠎ᠠ ᠰᠢᠭ᠋ ᠳᠡᠵᠢᠭᠡᠯ | ᠪᠤᠷᠳᠤᠭᠠᠨ ᠤ ᠲᠦᠬᠦᠬᠡᠢ ᠮᠠᠲ᠋ᠧᠷᠢᠶᠠᠯ ᠢ ᠰᠤᠩᠭᠤᠨ ᠬᠡᠷᠡᠭᠯᠡᠬᠦ ᠪᠤᠶᠤ ᠬᠠᠷᠢᠴᠠᠯ ᠢ ᠨᠢ ᠨᠡᠮᠡᠵᠤ ᠬᠡᠷᠡᠭᠯᠡᠨ᠎ᠡ᠂ | ᠵᠢᠱᠢᠶᠡᠯᠡᠪᠡᠯ ᠡᠷᠳᠡᠨᠢ ᠰᠢᠰᠢ᠂ ᠪᠤᠷᠴᠠᠭ ᠤᠨ ᠰᠢᠬᠠᠳᠠᠰᠥ ᠵᠡᠷᠭᠡ᠃ | 2. ᠦᠰᠥᠯᠳᠡ ᠶᠢᠨ ᠬᠤᠭᠤᠴᠠᠭᠠᠨ ᠳᠠᠬᠢ ᠪᠤᠷᠳᠤᠬᠤ ᠭᠠᠭ᠋ᠠᠢ ᠶᠢᠨ ᠰᠢᠮ᠎ᠡ ᠳᠡᠵᠢᠭᠡᠯ ᠤᠨ ᠬᠡᠷᠡᠭᠴᠡᠭᠡ ᠪᠠ | ᠳᠡᠵᠢᠭᠡᠯ ᠪᠤᠷᠳᠤᠭᠠᠨ ᠤ ᠨᠠᠶᠢᠷᠠᠯᠭ᠎ᠠ ᠶᠢᠨ ᠤᠨᠴᠠᠯᠢᠭ᠄ ᠦᠰᠥᠯᠳᠡ ᠶᠢᠨ ᠬᠤᠭᠤᠴᠠᠭᠠᠨ ᠳᠠᠬᠢ ᠪᠤᠷᠳᠤᠬᠤ ᠭᠠᠭ᠋ᠠᠢ ᠶᠢᠨ | ᠠᠷᠠᠴᠢᠯᠠᠨ ᠳᠡᠵᠢᠭᠡᠬᠦ ᠱᠠᠳᠥ ᠶᠢ ᠶᠡᠷᠥ ᠳᠤ ᠪᠠᠨ ᠦᠰᠥᠯᠳᠡ ᠶᠢᠨ ᠱᠠᠳᠥ ᠪᠠ ᠪᠤᠷᠳᠤᠬᠤ ᠱᠠᠳᠥ ᠭᠡᠵᠤ ᠬᠤᠪᠢᠶᠠᠳᠠᠭ᠃ | ᠦᠰᠥᠯᠳᠡ ᠶᠢᠨ ᠱᠠᠳᠥᠨ ᠳᠠᠬᠢ ᠭᠠᠭ᠋ᠠᠢ ᠶᠢᠨ ᠳᠡᠵᠢᠭᠡᠯ ᠪᠤᠷᠳᠤᠭᠠᠨ ᠤ ᠶᠠᠰᠥ ᠴᠢᠨᠠᠷ ᠪᠠ ᠤᠭᠤᠷᠠᠭ᠂ ᠰᠢᠪᠳᠤᠷᠳᠥ | ᠬᠦᠴᠢᠯ᠂ ᠸᠢᠲ᠋ᠠᠮᠢᠨ᠂ ᠡᠷᠥᠳᠡᠰᠥᠨ ᠪᠤᠳᠠᠰ ᠤᠨ ᠱᠠᠭᠠᠷᠳᠠᠯᠭ᠎ᠠ ᠨᠡᠯᠢᠶᠡᠳ ᠦᠨᠳᠥᠷ ᠪᠠᠶᠢᠳᠠᠭ᠂ ᠤᠨᠴᠠᠭᠠᠢᠢᠯᠠᠨ | ᠨᠡᠯᠢᠶᠡᠳ ᠡᠯᠪᠡᠭ ᠤᠭᠤᠷᠠᠭ ᠨᠢ ᠭᠠᠭ᠋ᠠᠢ ᠶᠢᠨ ᠬᠠᠷ᠎ᠠ ᠮᠢᠬᠠᠨ ᠤ ᠨᠤᠷᠮ᠎ᠡ ᠶᠢ ᠳᠡᠭᠡᠭᠰᠢᠯᠡᠬᠦᠯᠳᠡᠭ᠃ ᠭᠠᠭ᠋ᠠᠢ ᠪᠤᠷᠳᠤᠬᠤ | ᠦᠶᠡᠰ ᠦᠭᠡᠬᠦᠨ ᠲᠤᠨᠤᠳᠠᠰᠥ ᠪᠠᠷ ᠭᠤᠤᠯ ᠢᠳᠡᠰᠢ ᠪᠠᠨ ᠪᠤᠯᠭᠠᠳᠠᠭ ᠲᠤᠯᠠ ᠦᠰᠥᠯᠳᠡ ᠶᠢᠨ ᠱᠠᠳᠥᠨ ᠳᠤ ᠪᠠᠨ | ᠰᠢᠩᠭᠡᠭᠡᠯᠳᠡ ᠶᠢᠨ ᠡᠨᠧᠷᠬᠢ ᠶᠢᠨ ᠰᠠᠭᠤᠷᠢᠨ ᠳᠡᠭᠡᠷ᠎ᠡ ᠪᠦᠳᠥᠬᠦᠯᠢᠭ ᠤᠭᠤᠷᠠᠭ᠂ ᠰᠢᠪᠳᠤᠷᠳᠥ ᠬᠦᠴᠢᠯ ᠢ ᠨᠢ | ᠳᠤᠷᠤᠭᠰᠢᠯᠠᠭᠤᠯᠥᠨᠠ᠃ ᠳᠡᠷᠡᠴᠢᠯᠡᠨ ᠢᠳᠡᠬᠦ ᠬᠡᠮᠵᠢᠶ᠎ᠡ ᠨᠢ ᠨᠡᠮᠡᠭᠳᠡᠵᠤ᠂ ᠦᠭᠡᠬᠦ ᠨᠢ ᠬᠤᠷᠠᠮᠳᠤᠵᠤ᠂ ᠡᠳᠥᠷ | ᠪᠦᠷᠢ ᠶᠢᠨ ᠬᠠᠷᠢᠴᠠᠩᠭᠤᠢ ᠪᠡᠶ᠎ᠡ ᠶᠢᠨ ᠵᠢᠩ ᠤᠨ ᠨᠡᠮᠡᠭᠳᠡᠯ ᠨᠢ ᠡᠮᠥᠨ᠎ᠡ ᠬᠤᠭᠤᠴᠠᠭᠠᠨ ᠠᠴᠠ ᠶᠡᠭᠡ ᠪᠤᠯᠳᠠᠭ᠃ | ᠡᠶᠢᠮᠥ ᠠᠴᠠ ᠳᠡᠵᠢᠭᠡᠯ ᠪᠤᠷᠳᠤᠭᠠᠨ ᠳᠠᠬᠢ ᠸᠢᠲ᠋ᠠᠮᠢᠨ ᠬᠠᠴᠢᠷᠯᠠᠬᠤ ᠶᠢ ᠪᠠᠭᠠᠰᠬᠠᠵᠤ ᠪᠤᠯᠬᠤ ᠪᠦᠭᠡᠳ ᠸᠢᠲ᠋ᠠᠮᠢᠨ | ᠬᠠᠴᠢᠷᠯᠠᠬᠤ ᠦᠬᠡᠢ ᠴᠥ ᠪᠤᠯᠤᠨ᠎ᠠ᠃ ᠡᠩ ᠤᠨ ᠡᠨᠧᠷᠬᠢᠳᠥ ᠳᠡᠵᠢᠭᠡᠯ ᠪᠤᠷᠳᠤᠭ᠎ᠠ ᠪᠠ ᠤᠭᠤᠷᠠᠭᠳᠥ ᠳᠡᠵᠢᠭᠡᠯ | ᠪᠤᠷᠳᠤᠭ᠎ᠠ ᠠᠴᠠ ᠭᠠᠳᠠᠨ᠎ᠠ ᠪᠠᠰᠠ ᠰᠢᠯᠢᠳᠡᠭ ᠰᠢᠮ᠎ᠡ ᠳᠡᠵᠢᠭᠡᠯ ᠤᠨ ᠦᠷᠳᠡᠭ ᠢᠶᠠᠷ ᠦᠨᠳᠥᠷ ᠨᠤᠭᠤᠭᠠᠨ᠂ | ᠪᠦᠳᠥᠬᠦᠯᠢᠭ ᠳᠡᠵᠢᠭᠡᠯ ᠪᠤᠷᠳᠤᠭ᠎ᠠ ᠶᠢ ᠵᠤᠬᠢᠰᠳᠠᠢ ᠰᠤᠩᠭᠤᠨ ᠬᠡᠷᠡᠭᠯᠡᠵᠤ ᠪᠤᠯᠳᠠᠭ᠂ ᠵᠢᠱᠢᠶᠡᠯᠡᠪᠡᠯ ᠴᠠᠯ ᠨᠤᠭᠤᠭᠠᠨ | ᠳᠡᠵᠢᠭᠡᠯ ᠪᠤᠷᠳᠤᠭ᠎ᠠ᠂ ᠳᠠᠷᠤᠰᠢᠭᠤᠯᠤᠭᠰᠠᠨ ᠳᠡᠵᠢᠭᠡᠯ ᠪᠤᠷᠳᠤᠭ᠎ᠠ᠂ ᠪᠠᠵᠢᠮᠠᠭ ᠵᠡᠷᠭᠡ᠃ ᠬᠡᠪᠡᠴᠥ ᠪᠦᠳᠥᠬᠦᠨ | ᠰᠢᠷᠭᠡᠭᠯᠢᠭ ᠤᠨ ᠠᠭᠤᠯᠤᠭᠳᠠᠴᠠ ᠶᠢ ᠡᠷᠬᠡᠪᠰᠢ ᠬᠢᠵᠠᠭᠠᠷᠯᠠᠬᠤ ᠴᠢᠬᠤᠯᠠᠳᠠᠢ᠂ ᠶᠠᠭᠠᠬᠢᠭᠰᠠᠨ ᠴᠥ 8% ᠠᠴᠠ | ᠬᠡᠳᠥᠷᠡᠬᠦᠯᠵᠤ ᠪᠤᠯᠬᠤ ᠦᠬᠡᠢ ᠶᠤᠮ᠃ ᠲᠦᠬᠦᠭᠡᠢ ᠮᠠᠲ᠋ᠧᠷᠢᠶᠠᠯ ᠤᠨ ᠳᠠᠯ᠎ᠠ ᠪᠠᠷ ᠶᠡᠭᠡ ᠬᠡᠮᠵᠢᠶᠡᠨ ᠤ ᠬᠠᠨᠤᠭᠠᠳᠥᠢ | ᠦᠭᠡᠬᠦᠨ ᠬᠦᠴᠢᠯ ᠤᠨ ᠠᠭᠤᠯᠤᠭᠳᠠᠴᠠ ᠲᠠᠢ ᠳᠡᠵᠢᠭᠡᠯ ᠪᠤᠷᠳᠤᠭ᠎ᠠ ᠬᠡᠷᠡᠭᠯᠡᠵᠤ ᠪᠤᠯᠬᠤ ᠦᠬᠡᠢ᠂ ᠦᠬᠡᠢ ᠪᠤᠯ | ᠬᠡᠨᠭᠬᠦᠳᠡᠭ ᠤᠨ ᠦᠭᠡᠬᠦ ᠶᠢ ᠵᠦᠭᠡᠯᠡᠷᠡᠬᠦᠯᠵᠤ᠂ ᠭᠠᠭ᠋ᠠᠢ ᠶᠢᠨ ᠮᠢᠬᠠᠨ ᠤ ᠶᠠᠰᠤ ᠴᠢᠨᠠᠷ ᠢ ᠨᠦᠯᠥᠭᠡᠯᠡᠨᠡ᠃ |