ᠠᠳᠤᠭᠤᠨ ᠤ ᠪᠤᠯᠴᠢᠷᠬᠠᠢᠢᠳᠤ ᠬᠢᠵᠢᠭ ᠢ ᠰᠡᠷᠭᠡᠶᠢᠯᠡᠬᠦ ᠠᠷᠭ᠎ᠠ
ᠨᠡᠶᠢᠲᠡᠯᠡᠭᠰᠡᠨ ᠴᠠᠭ᠄
2020/7/16
   ᠳᠡᠵᠢᠭᠡᠯᠭᠡ ᠠᠷᠠᠴᠢᠯᠠᠭ᠎ᠠ ᠶᠢ ᠴᠢᠩᠭᠠᠳᠬᠠᠬᠤ ᠭᠡᠷᠡᠭᠳᠠᠢ᠃ ᠬᠦᠬᠦᠬᠦᠯ ᠨᠢᠷᠡᠢ ᠤᠨᠠᠭ᠎ᠠ ᠶᠢ ᠵᠦᠴᠢᠶ᠎ᠠ ᠶᠢᠨ ᠭᠠᠳᠠᠨ᠎ᠠ ᠬᠦᠳᠡᠯᠭᠡᠭᠡᠨ ᠬᠢᠯᠭᠡᠵᠦ ᠠᠭᠠᠵᠢᠮ ᠢᠶᠠᠷ ᠦᠪᠡᠷ ᠢᠶᠠᠨ ᠢᠳᠡᠰᠢᠯᠡᠬᠦ ᠪᠤᠯᠭᠠᠨ᠎ᠠ᠃ ᠰᠦ ᠠᠴᠠ ᠨᠢ ᠰᠠᠯᠭᠠᠬᠰᠠᠨ ᠤ ᠳᠠᠷᠠᠭ᠎ᠠ ᠴᠢᠨᠠᠷ ᠰᠠᠶᠢᠳᠠᠢ ᠡᠪᠡᠰᠦ ᠪᠤᠷᠳᠤᠭ᠎ᠠ ᠨᠦᠬᠦᠵᠦ ᠦᠭᠬᠦᠨ᠎ᠠ᠃ ᠡᠪᠤᠯ ᠤᠨ ᠤᠯᠠᠷᠢᠯ ᠳᠤ ᠬᠢᠮᠤᠷᠠᠭ᠎ᠠ ᠶᠢ ᠰᠡᠷᠭᠡᠶᠢᠯᠡᠬᠦ ᠭᠡᠷᠡᠭᠳᠠᠢ᠃ ᠨᠢᠷᠠᠢ ᠲᠦᠯ ᠤᠨ ᠡᠪᠡᠳᠴᠢᠨ ᠢ ᠡᠰᠡᠷᠬᠦᠴᠡᠬᠦ ᠴᠢᠳᠡᠯ ᠢ ᠪᠠᠭᠤᠷᠠᠭᠤᠯᠬᠤ ᠠᠯᠢᠪᠠ ᠠᠰᠢᠬ ᠦᠭᠡᠢ ᠨᠦᠬᠦᠴᠡᠯ ᠢ ᠦᠭᠡᠶᠢᠰᠭᠡᠬᠦ ᠭᠡᠷᠡᠭᠳᠠᠢ᠃    ᠡᠪᠡᠳᠴᠢᠨ ᠳᠡᠯᠭᠡᠷᠡᠬᠦ ᠤᠯᠠᠷᠢᠯ ᠳᠤ ᠢᠯᠡᠬᠦᠭᠡᠨ ᠪᠠᠶᠢᠴᠠᠭᠠᠵᠦ᠂ ᠭᠡᠮᠨᠡᠭᠰᠡᠨ ᠮᠤᠷᠢ ᠶᠢ ᠡᠷᠳᠡ ᠠᠴᠠ ᠢᠯᠡᠷᠡᠬᠦᠯᠤᠨ ᠴᠠᠬ ᠳᠠᠷᠤᠢ ᠳᠤᠨᠢ ᠳᠤᠰᠠᠭᠠᠷᠯᠠᠵᠦ ᠡᠮᠨᠡᠨ᠎ᠠ᠃ ᠭᠡᠮᠨᠡᠭᠰᠡᠨ ᠮᠤᠷᠢᠨ ᠤ ᠬᠠᠰᠢᠶ᠎ᠠ ᠪᠤᠯᠤᠨ ᠭᠡᠷᠡᠭᠰᠡᠯ ᠢ ᠠᠷᠢᠭᠤᠳᠬᠠᠨ᠎ᠠ᠃ ᠰᠢᠨ᠎ᠠ ᠪᠠᠷ ᠬᠤᠳᠠᠯᠳᠤᠵᠦ ᠠᠪᠴᠢᠷᠠᠬᠰᠠᠨ ᠮᠤᠷᠢ ᠶᠢ ᠳᠤᠰᠠᠭᠠᠷᠯᠠᠵᠦ ᠪᠠᠶᠢᠭᠠᠳ 2 ~ 3 ᠭᠠᠷᠠᠬ ᠠᠵᠢᠬᠯᠠᠬᠤ ᠭᠡᠷᠡᠭᠳᠠᠢ᠃    ᠦᠷᠬᠦᠯᠵᠢ ᠡᠪᠡᠳᠴᠢᠨ ᠡᠬᠦᠰᠭᠡᠳᠡᠭ ᠭᠠᠵᠠᠷ ᠤᠷᠤᠨ ᠳᠤ ᠪᠤᠯ ᠨᠢᠷᠠᠢ ᠤᠨᠠᠭ᠎ᠠ ᠶᠢ ᠭᠠᠷᠤᠬᠰᠠᠨ ᠤ ᠳᠠᠷᠠᠭ᠎ᠠ ᠳᠤᠯᠤᠳᠤᠭᠠᠷ ᠡᠳᠦᠷ ᠠᠴᠠ ᠨᠢ ᠡᠬᠢᠯᠡᠵᠦ ᠳᠤᠰ ᠪᠡᠶ᠎ᠠ ᠶᠢᠨ ᠬᠢᠨᠢ ᠴᠢᠰᠦ ᠶᠢ ᠠᠷᠠᠰᠤᠨ ᠳᠤᠤᠷ᠎ᠠ ᠨᠢ ᠳᠠᠷᠢᠨ᠎ᠠ᠃ 15 ᠂ 20᠂ 25 ml ᠢᠶᠠᠷ ᠭᠤᠷᠪᠠ ᠤᠳᠠᠭ᠎ᠠ ᠬᠤᠪᠢᠶᠠᠵᠦ ᠳᠠᠷᠢᠬᠤ ᠪᠦᠭᠡᠳ ᠤᠳᠠᠭ᠎ᠠ ᠪᠦᠷᠢ ᠶᠢᠨ ᠬᠤᠭᠤᠷᠤᠨᠳᠦ 1 ~ 3 ᠬᠤᠨᠤᠭ ᠠᠯᠤᠰᠯᠠᠨ᠎ᠠ᠃ ᠪᠤᠯᠴᠢᠷᠬᠠᠢᠢᠳᠦ ᠬᠢᠵᠢᠭ ᠡᠬᠦᠰᠦᠭᠰᠡᠨ ᠤ ᠳᠠᠷᠠᠭ᠎ᠠ ᠳᠤᠰ ᠪᠡᠶ᠎ᠠ ᠶᠢᠨ ᠬᠢᠨᠢ ᠴᠢᠰᠦ ᠶᠢ ᠪᠠᠰᠠ ᠨᠠᠶᠢᠳᠡᠮ ᠢᠶᠠᠷ ᠳᠠᠷᠢᠵᠦ ᠪᠤᠯᠤᠨ᠎ᠠ᠃    ᠠᠳᠤᠭᠤᠨ ᠤ ᠪᠤᠯᠴᠢᠷᠬᠠᠢᠢᠳᠦ ᠬᠢᠵᠢᠭ ᠳᠡᠯᠭᠡᠷᠡᠵᠦ ᠪᠠᠶᠢᠭ᠎ᠠ ᠦᠶ᠎ᠠ ᠳᠤ ᠭᠡᠮᠨᠡᠭᠰᠡᠨ ᠦᠭᠡᠢ ᠨᠢᠷᠠᠢ ᠤᠨᠠᠭ᠎ᠠ ᠳᠤ ᠴᠢᠩ ᠮᠸᠢ ᠰᠤ᠋ ᠳᠠᠷᠢᠬᠤ ᠪᠤᠶᠤ ᠪᠤᠷᠳᠤᠭ᠎ᠠ ᠳᠤᠨᠢ ᠬᠤᠸᠠᠩ ᠠᠨ ᠬᠤᠯᠢᠵᠦ ᠵᠠᠯᠭᠠᠭ᠎ᠠ ᠪᠠᠷ 3 ᠡᠳᠦᠷ ᠳᠡᠵᠢᠭᠡᠨ᠎ᠠ᠂ ᠳᠡᠭᠡᠬᠦ ᠳᠡᠭᠡᠨ ᠨᠢᠭᠡᠳᠦᠭᠡᠷ ᠡᠳᠦᠷ ᠲᠤ ᠤᠨᠠᠭ᠎ᠠ ᠪᠦᠷᠢ ᠳᠤ 10 g ᠳᠤᠰᠬᠠᠵᠦ᠂ ᠳᠠᠷᠠᠭᠠᠴᠢ ᠶᠢᠨ 2 ᠡᠳᠦᠷ ᠲᠤ ᠤᠨᠠᠭ᠎ᠠ ᠪᠦᠷᠢ ᠳᠤ 5 g ᠳᠤᠰᠬᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号