ᠰᠠᠭᠠᠯᠢ ᠶᠢᠨ ᠦᠨᠦᠷ ᠲᠠᠢ ᠬᠦᠳᠡᠭᠡ ᠠᠴᠠ ᠪᠠᠶᠠᠵᠢᠯ ᠤᠨ ᠡᠭᠡᠰᠢᠭ ᠤᠶᠠᠩᠭᠠᠷᠠᠨ᠎ᠠ
ᠨᠡᠶᠢᠲᠡᠯᠡᠭᠰᠡᠨ ᠴᠠᠭ᠄
2021/10/11
   — ᠬᠢᠩᠭᠠᠨ ᠠᠶᠢᠮᠠᠬ ᠤᠨ ︽ᠬᠦᠭᠡ ᠲᠤᠯᠪᠤᠳᠠᠨ︾ ᠴᠡᠭᠡ ᠶᠢᠨ ᠦᠢᠯᠡᠰ ᠤᠨ ᠲᠠᠭᠠᠭᠠᠮᠠᠯ ᠰᠧᠷᠡᠩᠨᠠᠮᠵᠢᠯ ᠤᠨ ᠲᠤᠬᠠᠢ ᠰᠤᠷᠪᠤᠯᠵᠢᠯᠠᠭ᠎ᠠ    ᠲᠠᠪᠤᠨ ᠬᠤᠰᠢᠭᠤ ᠮᠠᠯ ᠤᠨ ᠲᠠᠷᠭᠤ ᠬᠦᠴᠦ ᠨᠡᠮᠡᠭᠳᠡᠨ᠂ ᠲᠠᠷᠠᠬ ᠠᠶᠢᠷᠠᠬ ᠤᠨ ᠰᠤᠳᠤᠨ ᠦᠨᠦᠷ ᠰᠡᠩᠬᠢᠨᠡᠵᠤ᠂ ᠲᠠᠯ᠎ᠠ ᠶᠢᠨ ᠮᠠᠯᠴᠢᠳ ᠨᠠᠭᠠᠳᠤᠮ ᠤᠨ ᠰᠠᠯᠬᠢᠨ ᠳᠤ ᠪᠠᠶᠠᠰᠤᠨ᠂ ᠲᠠᠩᠰᠤᠬ ᠬᠦᠳᠡᠭᠡ ᠨᠤᠮᠢᠨ ᠨᠤᠭᠤᠭᠠᠨ ᠦᠩᠭᠡ ᠪᠠᠨ ᠬᠠᠳᠠᠭᠠᠯᠠᠵᠤ ᠪᠠᠶᠢᠪᠠᠴᠤ ᠨᠠᠮᠤᠷ ᠤᠨ ᠰᠤᠷᠠᠬ ᠤᠢᠢᠷᠠᠳᠤᠬᠰᠠᠨ ᠲᠤᠩᠭᠠᠯᠠᠬ ᠰᠠᠶᠢᠬᠠᠨ ᠨᠢᠭᠡᠨ ᠡᠳᠦᠷ᠂ ᠪᠢᠳᠡ ᠬᠤᠷᠴᠢᠨ ᠪᠠᠷᠠᠭᠤᠨ ᠭᠠᠷᠤᠨ ᠡᠮᠤᠨᠡᠳᠦ ᠬᠤᠰᠢᠭᠤᠨ ᠤ ᠲᠤᠬᠤᠮ ᠰᠤᠮᠤ ᠶᠢᠨ ᠤᠰᠤᠨ ᠡᠬᠢ ᠭᠠᠴᠠᠭᠠᠨ ᠤ ᠮᠠᠯᠴᠢᠨ᠂ ᠬᠢᠩᠭᠠᠨ ᠠᠶᠢᠮᠠᠬ ᠤᠨ ︽ᠬᠦᠭᠡ ᠲᠤᠯᠪᠤᠳᠠᠨ︾ ᠴᠡᠭᠡ ᠶᠢᠨ ᠦᠢᠯᠡᠰ ᠤᠨ ᠲᠠᠭᠠᠭᠠᠮᠠᠯ ᠰᠧᠷᠡᠩᠨᠠᠮᠵᠢᠯ ᠤᠨ ᠲᠡᠭᠡᠳᠦ ᠱᠠᠳᠤᠨ ᠤ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠲᠦᠷᠦ ᠶᠢᠨ ᠪᠤᠳᠤᠯᠭ᠎ᠠ ᠶᠢ ᠴᠤᠤᠷᠢᠶᠠᠳᠤᠨ᠂ ᠮᠠᠯᠴᠢᠨ ᠲᠦᠮᠡᠨ ᠢᠶᠠᠨ ᠵᠤᠬᠢᠶᠠᠨ ᠪᠠᠶᠢᠭᠤᠯᠤᠨ ᠬᠤᠷᠰᠢᠶᠠᠵᠢᠯ ᠪᠠᠶᠢᠭᠤᠯᠤᠨ ᠪᠠᠶᠠᠵᠢᠯ ᠤᠨ ᠵᠠᠮ ᠢᠶᠠᠷ ᠰᠢᠷᠤᠩᠬᠠᠢᠢᠯᠠᠵᠤ ᠪᠠᠶᠢᠭ᠎ᠠ ᠲᠤᠬᠠᠢ ᠰᠤᠷᠪᠤᠯᠵᠢᠯᠠᠪᠠ᠃    ᠪᠢᠳᠡ ᠰᠧᠷᠡᠩᠨᠠᠮᠵᠢᠯ ᠲᠠᠢ ᠪᠤᠯᠵᠤᠬᠰᠠᠨ ᠶᠤᠰᠤ ᠪᠠᠷ ᠲᠡᠬᠦᠨ ᠤ ᠲᠤᠬᠤᠮ ᠰᠤᠮᠤ ᠶᠢᠨ ᠤᠰᠤᠨ ᠡᠬᠢ ᠭᠠᠴᠠᠭ᠎ᠠ ᠶᠢᠨ ᠰᠠᠭᠤᠷᠢᠰᠢᠯ ᠳᠤ ᠬᠦᠷᠬᠦ ᠳᠤ ᠲᠡᠷᠡ ᠶᠠᠬ ᠰᠠᠶ᠋ᠢᠬᠠᠨ ᠠᠯᠳᠠᠨ ᠲᠡᠵᠢᠭᠡᠯ ᠲᠡᠵᠢᠭᠡᠪᠦᠷᠢ ᠶᠢᠨ ᠲᠤᠰᠬᠠᠢ ᠬᠤᠷᠰᠢᠶᠠᠵᠢᠯ ᠤᠨ ᠮᠠᠯᠴᠢᠳ ᠲᠠᠢ ᠪᠠᠨ ᠬᠠᠮᠳᠤ ᠨᠠᠮᠤᠷ ᠤᠨ ᠬᠠᠳᠤᠯᠠᠩ ᠤᠨ ᠲᠤᠬᠠᠢ ᠶᠠᠷᠢᠯᠴᠠᠵᠤ ᠪᠠᠶᠢᠪᠠ᠃ ᠪᠢᠳᠡ ᠲᠡᠬᠦᠨ ᠤ ᠮᠤᠩᠭᠤᠯ ᠭᠡᠷ ᠲᠤ ᠨᠢ ᠤᠷᠤᠵᠤ ᠴᠠᠢ ᠤᠤᠭᠤᠵᠤ ᠴᠠᠭᠠᠨ ᠢᠳᠡᠭᠡ ᠶᠢ ᠨᠢ ᠠᠮᠳᠠᠯᠠᠬᠤ ᠶᠢᠨ ᠬᠠᠮᠳᠤ ᠰᠧᠷᠡᠩᠨᠠᠮᠵᠢᠯ ᠭᠤᠸᠠᠢ ᠶᠢᠨ ᠴᠡᠭᠡ ᠶᠢᠨ ᠦᠢᠯᠡᠰ ᠤᠨ ᠬᠦᠭᠵᠢᠯᠳᠡ ᠶᠢ ᠶᠠᠭᠠᠬᠢᠵᠤ ᠰᠤᠷᠪᠤᠯᠵᠢᠯᠠᠬᠤ ᠲᠤᠬᠠᠢ ᠶᠠᠷᠢᠯᠴᠠᠭᠠᠳ ᠬᠠᠰᠢᠯᠠ ᠬᠠᠪᠤᠷᠵᠢᠶ᠎ᠠ ᠳᠤ ᠨᠢ ᠬᠦᠷᠴᠤ ᠲᠡᠬᠦᠨ ᠤ ᠠᠳᠤᠭᠤᠨ ᠪᠡᠯᠴᠢᠭᠡᠷ ᠤᠨ ᠪᠠᠶᠢᠳᠠᠯ᠂ ᠭᠡᠬᠦᠦ ᠰᠠᠭᠠᠵᠤ ᠪᠠᠶᠢᠬᠤ ᠲᠤᠬᠠᠢ ᠶᠢᠨ ᠲᠠᠯᠠᠪᠤᠷ ᠠᠴᠠ ᠲᠠᠬᠢᠨ ᠭᠡᠬᠦᠦ ᠶᠢᠨ ᠰᠦ ᠪᠠᠨ ᠶᠠᠭᠠᠬᠢᠵᠤ ᠪᠤᠯᠪᠠᠰᠤᠷᠠᠭᠤᠯᠤᠨ ᠡᠳ᠋ᠰᠢᠬᠦᠯᠵᠤ ᠪᠠᠶᠢᠬᠤ ᠪᠦᠬᠦ᠋ᠢᠯᠡ ᠶᠠᠪᠤᠴᠠ ᠶᠢ ᠨᠠᠷᠢᠯᠢᠬ ᠰᠤᠷᠪᠤᠯᠵᠢᠯᠠᠬᠤ ᠪᠠᠷ ᠪᠤᠯᠵᠤ᠂ ᠲᠡᠳᠡᠨ ᠤ ᠨᠠᠮᠤᠷ ᠤᠨ ᠬᠠᠳᠤᠯᠠᠩ ᠤᠨ ᠲᠤᠬᠠᠢ ᠶᠠᠷᠢᠯᠴᠠᠭ᠎ᠠ ᠨᠢ ᠲᠠᠭᠤᠰᠤᠮᠠᠬᠴᠠ ᠰᠧᠷᠡᠩᠨᠠᠮᠵᠢᠯ ᠲᠠᠢ ᠬᠠᠮᠳᠦ ᠪᠠᠷ ᠤᠰᠤᠨ ᠡᠬᠢ ᠭᠠᠴᠠᠭ᠎ᠠ ᠠᠴᠠ ᠪᠠᠷᠠᠭᠤᠨᠰᠢ ᠵᠠᠭᠤ ᠭᠠᠷᠤᠢ ᠭᠠᠵᠠᠷ ᠪᠠᠶᠢᠬᠤ ᠰᠡᠬᠦᠵᠢ ᠶᠢᠨ ᠵᠢᠯᠠᠭ᠎ᠠ ᠳᠤ ᠪᠠᠶᠢᠷᠢᠰᠢᠵᠤ ᠪᠠᠶᠢᠬᠤ ᠬᠠᠪᠤᠷᠵᠢᠶ᠎ᠠ ᠶᠢ ᠨᠢ ᠴᠢᠭᠯᠡᠪᠡ᠃ ᠮᠠᠰᠢᠨ ᠲᠡᠷᠭᠡ ᠵᠠᠰᠠᠮᠠᠯ ᠵᠠᠮ ᠢᠶᠠᠷ 30 ᠭᠠᠷᠤᠢ ᠭᠠᠵᠠᠷ ᠠᠶᠠᠯᠠᠬᠰᠠᠨ ᠢᠶᠠᠨ ᠵᠠᠰᠠᠮᠠᠯ ᠵᠠᠮ ᠠᠴᠠ ᠪᠠᠭᠤᠵᠤ᠂ ᠴᠡᠯᠡᠭᠡᠷ ᠨᠤᠭᠤᠭᠠᠨ ᠡᠪᠡᠰᠦ ᠪᠡᠯᠴᠢᠭᠡᠷ ᠬᠠᠯᠢᠭᠤᠷᠠᠬᠰᠠᠨ ᠲᠠᠯ᠎ᠠ ᠶᠢᠨ ᠲᠤᠮᠳᠠᠬᠢ ᠬᠦᠳᠡᠭᠡ ᠶᠢᠨ ᠪᠤᠷᠤ ᠵᠠᠮ ᠢᠶᠠᠷ ᠱᠤᠬᠰᠢᠭᠤᠯᠤᠨ᠂ ᠪᠢᠳᠡᠨ ᠤ ᠶᠠᠷᠢᠯᠴᠠᠭ᠎ᠠ ᠰᠤᠷᠪᠤᠯᠵᠢᠯᠠᠭ᠎ᠠ ᠴᠤ ᠬᠦᠷ ᠬᠦᠭᠵᠢᠶᠡᠨ ᠲᠠᠢ ᠶᠠᠪᠤᠭᠳᠠᠪᠠ    ᠰᠧᠷᠡᠩᠨᠠᠮᠵᠢᠯ ᠭᠡᠵᠤ ᠲᠦᠴᠢ ᠭᠠᠷᠤᠢ ᠨᠠᠰᠤᠳᠠᠢ᠂ ᠲᠤᠬᠤᠮ ᠨᠤᠳᠤᠬ ᠤᠨ ᠤᠤᠭᠠᠯ᠂ ᠮᠠᠨᠵᠤ ᠦᠨᠳᠦᠰᠦᠳᠡᠨ ᠤ ᠮᠠᠯᠴᠢᠨ᠃ ᠲᠡᠬᠦᠨ ᠳᠤ ᠤᠳᠤ 10000 ᠭᠠᠷᠤᠢ ᠮᠦ ᠶᠢᠨ ᠪᠡᠯᠴᠢᠭᠡᠷ ᠪᠠᠶᠢᠬᠤ ᠪᠦᠭᠡᠳ ᠡᠳᠡᠭᠡᠷ ᠪᠡᠯᠴᠢᠭᠡᠷ ᠢ ᠴᠦᠭᠡᠨ ᠲᠤᠭᠠᠨ ᠤ ᠪᠤᠬ ᠮᠠᠯ ᠲᠡᠵᠢᠭᠡᠵᠤ ᠪᠠᠶᠢᠬᠤ ᠠᠴᠠ ᠪᠤᠰᠤᠳ ᠨᠢ ᠪᠦᠷ ᠠᠳᠤᠭᠤ ᠪᠡᠯᠴᠢᠭᠡᠵᠤ ᠪᠠᠶᠢᠳᠠᠬ᠃ ᠲᠤᠬᠠᠢ ᠶᠢᠨ ᠦᠶ᠎ᠠ ᠳᠤ ᠲᠡᠭᠡᠳᠦ ᠱᠠᠳᠤᠨ ᠠᠴᠠ ᠤᠯᠠᠭᠠᠨᠮᠤᠳᠤ ᠨᠤᠳᠤᠬ ᠤᠨ ᠤᠰᠤᠨ ᠡᠬᠢ ᠮᠠᠯᠵᠢᠯ ᠤᠨ ᠲᠠᠯᠠᠪᠠᠢ ᠶᠢ ᠪᠠᠶᠢᠭᠤᠯᠬᠤ ᠳᠤ ᠰᠧᠷᠡᠩᠨᠠᠮᠵᠢᠯ ᠤᠨ ᠡᠯᠤᠨᠴᠡ ᠡᠪᠦᠭᠡ ᠵᠢᠳᠦᠪ ᠵᠢᠭᠠᠳᠤ ᠬᠤᠶᠠᠷ ᠪᠠᠶᠠᠨ ᠪᠤᠯᠤᠨ ᠵᠢᠳᠤᠪ ᠪᠠᠶᠠᠨ ᠤ ᠬᠦᠦ ᠠᠮᠢᠨᠪᠠᠳᠤ ︵ᠰᠧᠷᠡᠩᠨᠠᠮᠵᠢᠯ ᠤᠨ ᠡᠪᠦᠭᠡ︶ ᠭᠤᠷᠪᠠᠭᠤᠯᠠ ᠪᠠᠨ 500 ᠤᠷᠴᠢᠮ ᠪᠤᠳᠠ ᠮᠠᠯ᠂ 250 ᠭᠠᠷᠤᠢ ᠠᠳᠤᠭᠤ ᠪᠠ 10000 ᠭᠠᠷᠤᠢ ᠪᠤᠬ ᠮᠠᠯ᠂ ᠨᠡᠶᠢᠳᠡ 16 ᠲᠦᠮᠡᠨ ᠭᠠᠷᠤᠢ ᠲᠦᠬᠦᠷᠢᠭ ᠤᠨ ᠮᠠᠯ ᠢᠶᠠᠨ ᠬᠤᠪᠢ ᠤᠷᠤᠭᠤᠯᠤᠬᠰᠠᠨ ᠪᠠᠶᠠᠨ ᠴᠢᠨᠡᠭᠡᠯᠢᠭ ᠮᠠᠯᠴᠢᠨ ᠪᠠᠶᠢᠬᠰᠠᠨ ᠶᠤᠮ᠃ ᠲᠡᠷᠡ ᠦᠶ᠎ᠠ ᠠᠴᠠ ᠲᠡᠬᠦᠨ ᠤ ᠡᠪᠦᠭᠡ ᠲᠡᠭᠡᠳᠦᠰ ᠤᠨ ᠡᠳᠦᠷ ᠲᠤᠳᠤᠮ ᠤᠨ ᠠᠮᠢᠳᠥᠷᠠᠯ ᠳᠤ ᠪᠠᠨ ᠠᠳᠤᠭᠤ᠂ ᠪᠤᠳᠠ ᠮᠠᠯ ᠪᠠ ᠪᠤᠬ ᠮᠠᠯ ᠤᠯᠠᠨ ᠪᠠᠶᠢᠬᠰᠠᠨ ᠤ ᠲᠡᠭᠡᠷ᠎ᠠ ᠶᠡᠷᠦ ᠨᠢ ᠭᠡᠬᠦᠦ ᠪᠠᠨ ᠰᠠᠭᠠᠵᠤ᠂ ᠴᠡᠭᠡ ᠬᠢᠵᠤ ᠤᠮᠳᠠᠭᠠᠨ ᠪᠤᠯᠭᠠᠳᠠᠬ ᠵᠠᠩᠰᠢᠯ ᠲᠠᠢ ᠪᠠᠶᠢᠬᠰᠠᠨ ᠭᠡᠳᠡᠭ᠃ ᠬᠠᠷᠠᠬᠠᠨ ᠪᠠᠭ᠎ᠠ ᠠᠴᠠ ᠪᠠᠨ ᠮᠤᠩᠭᠤᠯ ᠨᠤᠳᠤᠬ ᠲᠤ ᠪᠠᠨ ᠠᠳᠤᠭᠤ ᠮᠠᠯ ᠢᠶᠠᠨ ᠬᠠᠷᠢᠭᠤᠯᠵᠤ ᠶᠠᠪᠤᠬᠰᠠᠨ ᠰᠧᠷᠡᠩᠨᠠᠮᠵᠢᠯ ᠳᠤ ᠠᠪᠴᠤ ᠬᠡᠯᠡᠪᠡᠯ ᠡᠪᠦᠭᠡ ᠲᠡᠭᠡᠳᠦᠰ ᠤᠨ ᠢᠶᠠᠨ ᠤᠯᠠᠮᠵᠢᠯᠠᠯᠳᠤ ᠮᠠᠯ ᠮᠠᠯᠵᠢᠯ ᠤᠨ ᠠᠷᠭ᠎ᠠ ᠤᠬᠠᠭᠠᠨ ᠢ ᠦᠮᠴᠢᠷᠭᠡᠵᠤ ᠴᠢᠳᠠᠬᠰᠠᠨ ᠢᠶᠠᠷ ᠪᠠᠷᠠᠬᠤ ᠦᠬᠡᠢ᠂ ᠰᠢᠨ᠎ᠠ ᠴᠠᠬ ᠦᠶ᠎ᠠ ᠶᠢᠨ ᠮᠠᠯᠴᠢᠨ ᠤ ᠮᠠᠯ ᠤᠨ ᠠᠰᠢᠬ ᠰᠢᠮ᠎ᠠ ᠪᠠᠨ ᠪᠤᠯᠪᠠᠰᠤᠷᠠᠭᠤᠯᠤᠬᠰᠠᠨ ᠤ ᠲᠠᠷᠠᠭ᠎ᠠ ᠶᠠᠭᠠᠬᠢᠵᠤ ᠵᠠᠬ᠎ᠠ ᠲᠡᠯᠭᠡᠬᠦᠷ ᠲᠤ ᠦᠨᠳᠦᠷ ᠦᠨ᠎ᠠ ᠪᠠᠷ ᠭᠠᠷᠭᠠᠵᠤ᠂ ᠠᠵᠤ ᠠᠬᠤᠢ ᠶᠢᠨ ᠦᠨᠳᠦᠷ ᠠᠰᠢᠬ ᠬᠦᠷᠳᠡᠬᠦ ᠶᠢ ᠪᠤᠳᠤᠯᠬᠢᠯᠠᠳᠠᠬ ᠲᠠᠷᠢᠬᠢ ᠰᠡᠷᠭᠡᠭ᠂ ᠤᠬᠠᠭᠠᠯᠢᠬ ᠮᠠᠯᠴᠢᠨ ᠪᠠᠶᠢᠪᠠ ᠃ ᠲᠡᠷᠡ ᠪᠠᠭ᠎ᠠ ᠳᠤ ᠪᠠᠨ ᠠᠳᠤᠭᠤᠨ ᠳᠤ ᠬᠠᠶᠢᠷᠠᠳᠠᠢ ᠡᠪᠦᠭᠡ ᠶᠢᠨ ᠢᠶᠠᠨ ᠲᠡᠷᠭᠡᠳᠡ ᠪᠠᠶᠢᠬᠤ ᠳᠤ ᠦᠷᠬᠦᠯᠵᠢ ᠴᠡᠭᠡ ᠶᠢ ᠨᠢ ᠤᠯᠵᠤ ᠤᠤᠭᠤᠳᠠᠬ ᠪᠦᠭᠡᠳ ᠪᠤᠰᠤᠳ ᠬᠦᠮᠦᠰ ᠴᠤ ᠪᠡᠶ᠎ᠠ ᠨᠢ ᠶᠠᠳᠠᠷᠠᠬᠤ᠂ ᠬᠤᠳᠤᠭᠤᠳᠤ ᠡᠪᠡᠳᠬᠦ᠂ ᠵᠢᠷᠦᠭᠡᠨ ᠡᠪᠡᠳᠴᠢᠨ ᠬᠦᠳᠡᠯᠬᠦ ᠪᠤᠶᠤ ᠡᠮ ᠤᠨ ᠬᠦᠯᠭᠡ ᠪᠤᠯᠭᠠᠬᠤ ᠭᠡᠵᠤ ᠡᠪᠦᠭᠡ ᠶᠢᠨ ᠬᠢᠨᠢ ᠴᠡᠭᠡ ᠶᠢ ᠨᠢ ᠠᠪᠠᠴᠢᠵᠤ ᠤᠤᠭᠤᠳᠠᠬ ᠢ ᠬᠠᠷᠠᠵᠤ ᠪᠠᠶᠢᠬᠰᠠᠨ ᠲᠤᠯᠠ ᠲᠡᠬᠦᠨ ᠳᠤ ᠠᠪᠴᠤ ᠬᠡᠯᠡᠪᠡᠯ ᠡᠨᠡᠬᠦ ᠡᠪᠦᠭᠡ ᠲᠡᠭᠡᠳᠦᠰ ᠠᠴᠠ ᠤᠯᠠᠮᠵᠢᠯᠠᠯ ᠲᠠᠢ ᠠᠳᠤᠭᠤᠨ ᠤ ᠠᠰᠢᠬ ᠰᠢᠮ᠎ᠠ ᠪᠠᠷ ᠬᠢᠵᠦ ᠪᠦᠳᠦᠭᠡᠭᠰᠡᠨ ᠴᠡᠭᠡ ᠭᠡᠬᠦ ᠤᠮᠳᠠᠭᠠᠨ ᠢ ᠪᠤᠰᠤᠳ ᠲᠤ ᠶᠠᠭᠠᠬᠢᠵᠤ ᠲᠡᠯᠭᠡᠷᠡᠬᠦᠯᠦᠨ ᠲᠠᠨᠢᠭᠤᠯᠬᠤ ᠶᠢᠨ ᠬᠠᠮᠳᠤ ᠴᠡᠭᠡ ᠬᠢᠵᠤ ᠤᠷᠤᠯᠭ᠎ᠠ ᠪᠠᠨ ᠨᠡᠮᠡᠭᠳᠡᠬᠦᠯᠬᠦ ᠶᠢ ᠰᠠᠨᠠᠭᠠᠰᠢᠷᠠᠬᠰᠠᠭᠠᠷ ᠢᠷᠡᠭᠰᠡᠨ ᠪᠢᠯᠡ᠃    ᠲᠡᠷᠡ ᠨᠢᠭᠡᠨ ᠤᠳᠠᠭ᠎ᠠ ᠰᠦᠯᠵᠢᠶᠡᠨ ᠲᠡᠭᠡᠷ᠎ᠠ ᠠᠴᠠ ᠰᠢᠯᠢ ᠶᠢᠨ ᠭᠤᠤᠯ ᠤᠨ ᠮᠠᠯᠴᠢᠳ ᠬᠡᠬᠦᠦ ᠶᠢᠨ ᠰᠦ ᠪᠠᠷ ᠢᠶᠠᠨ ᠴᠡᠭᠡ ᠬᠢᠵᠦ᠂ ᠵᠠᠬ᠎ᠠ ᠲᠡᠯᠭᠡᠬᠦᠷ ᠲᠤ ᠨᠡᠯᠢᠶᠡᠳ ᠰᠠᠶᠢᠨ ᠪᠤᠷᠤᠯᠠᠭᠤᠯᠭ᠎ᠠ ᠰᠠᠶᠢᠳᠠᠢ ᠪᠠᠷ ᠪᠠᠷᠠᠬᠤ ᠦᠬᠡᠢ ᠂ ᠬᠦᠭᠡᠬᠤᠳᠠ ᠶᠢᠨ ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶ᠎ᠠ ᠴᠤ ᠮᠤᠩᠭᠤᠯ ᠡᠮᠨᠡᠯᠭᠡ ᠶᠢᠨ ᠴᠡᠭᠡ ᠵᠠᠰᠠᠯᠭ᠎ᠠ ᠬᠢᠬᠦ ᠳᠤ ᠪᠠᠨ ᠲᠡᠳᠡᠨ ᠤ ᠴᠡᠭᠡ ᠶᠢ ᠨᠡᠶᠢᠳᠡᠮ ᠢᠶᠠᠷ ᠭᠡᠷᠡᠭᠯᠡᠵᠤ ᠪᠠᠶᠢᠨ᠎ᠠ ᠭᠡᠰᠡᠨ ᠰᠤᠨᠢᠨ ᠮᠡᠳᠡᠭᠡ ᠶᠢ ᠤᠯᠵᠤ ᠦᠵᠡᠭᠰᠡᠨ ᠨᠢ ᠲᠡᠬᠦᠨ ᠤ ᠴᠡᠭᠡ ᠶᠢᠨ ᠦᠢᠯᠡᠰ ᠢ ᠬᠦᠭᠵᠢᠬᠦᠯᠬᠦ ᠭᠡᠰᠡᠨ ᠦᠨᠢ ᠤᠳᠠᠭᠠᠨ ᠪᠤᠳᠤᠯ ᠰᠡᠳᠬᠢᠯᠭᠡ ᠳᠤ ᠨᠢ ᠯᠤᠳᠤ ᠶᠡᠭᠡ ᠢᠳᠡᠭᠡᠯ ᠤᠯᠭᠤᠬᠰᠠᠨ ᠪᠠᠶᠢᠯ᠎ᠠ᠃ ᠲᠡᠷᠡ ᠭᠡᠷ ᠤᠨ ᠬᠦᠮᠦᠰ ᠲᠠᠢ ᠪᠠᠨ ᠵᠦᠪᠳᠡᠯᠴᠡᠨ ᠶᠠᠷᠢᠯᠴᠠᠬᠰᠠᠨ ᠤ ᠲᠠᠷᠠᠭ᠎ᠠ 2017 ᠤᠨ ᠠᠴᠠ ᠡᠬᠢᠯᠡᠨ ᠦᠪᠡᠷ ᠤᠨ 20 ᠭᠠᠷᠤᠢ ᠠᠳᠤᠭᠤᠨ ᠤ ᠪᠠᠨ ᠲᠤᠳᠤᠷᠠᠬᠢ 7 ᠭᠡᠬᠦᠦ ᠶᠢ ᠰᠠᠭᠠᠵᠤ᠂ ᠡᠪᠦᠭᠡ ᠲᠡᠭᠡᠳᠦᠰ ᠤᠨ ᠢᠶᠠᠨ ᠤᠯᠠᠮᠵᠢᠯᠠᠯᠳᠤ ᠴᠡᠭᠡ ᠬᠢᠬᠦ ᠠᠷᠭ᠎ᠠ ᠪᠠᠷ ᠴᠡᠭᠡ ᠪᠠᠨ ᠬᠢᠵᠤ ᠡᠬᠢᠯᠡᠪᠡ᠃    ᠬᠦᠳᠡᠭᠡ ᠶᠢᠨ ᠪᠤᠷᠤ ᠵᠠᠮ ᠢᠶᠠᠷ ᠮᠠᠰᠢᠨ ᠭᠠᠯᠬᠢᠭᠤᠯᠬᠤ ᠳᠤ ᠮᠠᠰᠢᠨ ᠤ ᠴᠤᠩᠬᠤ ᠪᠠᠷ ᠵᠤᠨ ᠤ ᠰᠡᠬᠦᠯᠴᠢ ᠶᠢᠨ ᠰᠡᠷᠢᠬᠦᠨ ᠲᠠᠭᠠᠳᠠᠢ ᠰᠠᠯᠬᠢ ᠬᠠᠴᠠᠷ ᠢ ᠢᠯᠪᠢᠨ ᠰᠧᠷᠡᠩᠨᠠᠮᠵᠢᠯ ᠭᠤᠸᠠᠢ ᠨᠤᠮᠢᠨ ᠨᠤᠭᠤᠭᠠᠨ ᠲᠠᠯ᠎ᠠ᠂ ᠰᠦᠨ ᠴᠠᠭᠠᠨ ᠬᠤᠨᠢᠨ ᠰᠦᠷᠦᠭ ᠢ ᠬᠠᠷᠠᠬᠰᠠᠨ ᠠᠴᠠ ᠪᠤᠯᠪᠠᠤ︖ ᠶᠠᠷᠢᠶ᠎ᠠ ᠬᠦᠭᠡᠷᠦᠭᠡ ᠨᠢ ᠶᠡᠭᠡ ᠪᠤᠯᠵᠤ᠂ ᠴᠡᠭᠡ ᠡᠬᠢᠯᠡᠨ ᠬᠢᠵᠤ ᠪᠠᠶᠢᠬᠰᠠᠨ ᠲᠤᠬᠠᠢ ᠪᠠᠨ ᠮᠠᠰᠢ ᠤᠷᠮ᠎ᠠ ᠲᠠᠢ ᠶᠠᠷᠢᠵᠤ ᠡᠬᠢᠯᠡᠯ᠎ᠠ᠃    ᠴᠡᠭᠡ ᠬᠢᠬᠦ ᠳᠤ ᠠᠳᠤᠭᠤᠨ ᠤ ᠤᠰᠤ ᠪᠡᠯᠴᠢᠭᠡᠷ ᠢ ᠲᠡᠩᠴᠡᠬᠦᠯᠬᠦ᠂ ᠭᠡᠬᠦᠦ ᠰᠤᠩᠭᠤᠬᠤ᠂ ᠭᠡᠬᠦᠦ ᠰᠠᠭᠠᠬᠤ᠂ ᠴᠡᠭᠡ ᠶᠢᠨ ᠬᠦᠷᠦᠩᠭᠡ ᠨᠠᠶᠢᠷᠠᠭᠤᠯᠬᠤ᠂ ᠪᠤᠯᠪᠠᠰᠤᠷᠠᠭᠤᠯᠤᠨ ᠡᠳ᠋ᠰᠢᠬᠦᠯᠬᠦ ᠵᠡᠷᠭᠡ ᠮᠠᠰᠢ ᠤᠯᠠᠨ ᠶᠠᠪᠤᠴᠠ ᠶᠢ ᠦᠩᠭᠡᠷᠡᠭᠡᠨ᠂ ᠮᠠᠰᠢ ᠤᠯᠠᠨ ᠨᠠᠷᠢᠯᠢᠬ ᠠᠵᠢᠯ ᠢ ᠬᠦᠢᠴᠡᠳᠭᠡᠬᠦ ᠭᠡᠷᠡᠭᠳᠡᠢ ᠶᠤᠮ᠃ ᠴᠡᠭᠡ ᠶᠢᠨ ᠬᠦᠷᠦᠩᠭᠡ ᠭᠡᠳᠡᠭ ᠨᠢ 2 ᠵᠢᠩ ᠬᠢᠷᠢᠳᠡᠢ ᠬᠠᠭᠤᠷᠠᠢ ᠠᠮᠤ ᠪᠠᠨ ᠬᠠᠯᠠᠭᠤᠳᠠᠭᠠᠬᠰᠠᠨ ᠤ ᠲᠠᠷᠠᠭ᠎ᠠ ᠲᠠᠬᠢᠨ ᠤᠬᠢᠶᠠᠵᠤ ᠬᠠᠳᠠᠭᠠᠭᠠᠳ 2 ᠠᠴᠠ 3 ᠵᠢᠩ ᠰᠦ ᠪᠠᠨ ᠬᠢᠵᠤ ᠢᠰᠭᠡᠨ᠂ ᠬᠤᠶᠠᠷ ᠡᠳᠦᠷ ᠤᠨ ᠲᠠᠷᠠᠭ᠎ᠠ ᠲᠠᠬᠢᠨ 2 ᠠᠴᠠ 3 ᠵᠢᠩ ᠰᠦ ᠪᠠᠨ ᠬᠢᠵᠤ ᠢᠰᠭᠡᠨ ᠡᠨᠡ ᠮᠠᠶ᠋ᠢᠬ ᠢᠶᠠᠷ 10 ᠡᠳᠦᠷ ᠤᠷᠴᠢᠮ ᠪᠤᠯᠤᠮᠠᠬᠴᠠ ᠬᠦᠷᠦᠩᠭᠡ ᠪᠤᠯᠵᠤ ᠪᠦᠷᠢᠯᠳᠤᠳᠡᠭ ᠶᠤᠮ᠃ ᠡᠬᠦᠨ ᠳᠤ ᠰᠧᠷᠡᠩᠨᠠᠮᠵᠢᠯ ᠤᠨ ᠴᠡᠭᠡ ᠶᠢᠨ ᠬᠦᠷᠦᠩᠭᠡ ᠨᠠᠶᠢᠷᠠᠭᠤᠯᠬᠤ ᠠᠵᠢᠯ ᠢ ᠤᠳᠤ ᠪᠤᠯᠳᠠᠯ᠎ᠠ ᠲᠡᠬᠦᠨ ᠤ ᠡᠵᠢ ᠨᠢ ᠬᠢᠬᠦ ᠪᠦᠭᠡᠳ ᠲᠤᠩ ᠪᠤᠳᠤᠯᠢᠶᠠᠨᠳᠠᠢ ᠨᠠᠷᠢᠯᠢᠬ ᠶᠠᠪᠤᠴᠠ ᠶᠢ ᠦᠩᠭᠡᠷᠡᠭᠡᠳᠡᠭ᠃ ᠰᠧᠷᠡᠩᠨᠠᠮᠵᠢᠯ ᠤᠨ ᠡᠵᠢ ᠶᠢᠨ ᠬᠢᠨᠢ ᠶᠠᠷᠢᠬᠤ ᠪᠠᠷ ᠴᠡᠭᠡ ᠶᠢᠨ ᠬᠦᠷᠦᠩᠭᠡ ᠶᠢ ᠬᠠᠭᠤᠷᠠᠢ ᠠᠮᠤ᠂ ᠠᠷᠢᠬᠢ᠂ ᠦᠵᠦᠮ ᠢᠶᠠᠷ ᠪᠦᠷ ᠬᠢᠵᠤ ᠪᠤᠯᠳᠠᠬ ᠪᠤᠯᠪᠠᠴᠤ ᠬᠠᠭᠤᠷᠠᠢ ᠠᠮᠤ ᠪᠠᠷ ᠢᠰᠭᠡᠨ ᠨᠠᠶᠢᠷᠠᠭᠤᠯᠤᠬᠰᠠᠨ ᠴᠡᠭᠡ ᠶᠢᠨ ᠬᠦᠷᠦᠩᠭᠡ ᠨᠢ ᠴᠡᠭᠡ ᠶᠢᠨ ᠠᠮᠳᠠ ᠶᠢ ᠨᠢ ᠰᠠᠶᠢᠵᠢᠷᠠᠭᠤᠯᠤᠨ᠂ ᠢᠳᠡ ᠶᠢ ᠨᠢ ᠨᠡᠮᠡᠭᠳᠡᠬᠦᠯᠳᠡᠭ ᠪᠤᠯᠬᠤᠷ ᠶᠡᠷᠦ ᠨᠢ ᠬᠠᠭᠤᠷᠠᠢ ᠠᠮᠤ ᠭᠡᠷᠡᠭᠯᠡᠳᠡᠭ ᠶᠤᠮ ᠭᠡᠨ᠎ᠠ᠃ ᠲᠤᠬᠠᠢ ᠶᠢᠨ ᠦᠶ᠎ᠠ ᠳᠤ ᠲᠡᠷᠡ ᠡᠬᠢᠯᠡᠨ ᠴᠡᠭᠡ ᠬᠢᠬᠦ ᠳᠤ ᠪᠠᠨ ᠲᠡᠬᠦᠨ ᠤ 7 ᠭᠡᠬᠦᠦ ᠠᠴᠠ ᠡᠳᠦᠷ ᠪᠦᠷᠢ 50 — 60 ᠵᠢᠩ ᠰᠦ ᠭᠠᠷᠳᠠᠬ ᠪᠦᠭᠡᠳ ᠭᠤᠷᠪᠠᠨ ᠡᠳᠦᠷ ᠤᠨ ᠭᠡᠬᠦᠦ ᠶᠢᠨ ᠰᠦ ᠶᠢ ᠴᠤᠬᠯᠠᠭᠤᠯᠤᠨ ᠠᠪᠴᠢᠷᠠᠬᠰᠠᠨ ᠤ ᠲᠠᠷᠠᠭ᠎ᠠ᠂ ᠬᠦᠷᠦᠩᠭᠡ ᠪᠠ ᠰᠦ ᠶᠢᠨ ᠬᠠᠷᠢᠴᠠᠯ ᠢ 20% ᠶᠢᠨ ᠬᠠᠷᠢᠴᠠᠯ ᠢᠶᠠᠷ ᠨᠡᠶᠢᠯᠡᠬᠦᠯᠦᠨ᠂ ᠦᠪᠡᠷ ᠤᠨ ᠤᠯᠠᠮᠵᠢᠯᠠᠯᠳᠤ ᠠᠷᠭ᠎ᠠ ᠪᠠᠷ ᠢᠰᠭᠡᠨ ᠨᠠᠶᠢᠷᠠᠭᠤᠯᠤᠬᠰᠠᠨ ᠬᠦᠷᠦᠩᠭᠡ ᠲᠠᠢ ᠪᠠᠨ ᠨᠡᠶᠢᠯᠡᠬᠦᠯᠦᠨ ᠪᠦᠳᠦᠬᠦᠨ ᠸᠠᠭᠠᠷ ᠤᠨ ᠪᠤᠳᠤᠩ ᠳᠤ ᠴᠡᠭᠡ ᠪᠠᠨ ᠢᠰᠭᠡᠳᠡᠭ ᠪᠠᠶᠢᠬᠰᠠᠨ ᠶᠤᠮ᠃ ᠲᠤᠯᠠᠭᠠᠨ ᠤ ᠬᠡᠮᠵᠢᠶ᠎ᠠ ᠪᠤᠶᠤ ᠪᠦᠯᠢᠭᠦᠷ ᠤᠨ ᠲᠤᠭᠠᠨ ᠤ ᠬᠡᠮᠵᠢᠶ᠎ᠠ ᠠᠴᠠ ᠪᠤᠯᠵᠤ ᠰᠠᠶ᠋ᠢ ᠡᠬᠢᠯᠡᠬᠦ ᠳᠤ ᠪᠠᠨ 48 ᠴᠠᠬ ᠠᠴᠠ 72 ᠴᠠᠬ ᠤᠨ ᠲᠠᠷᠠᠭ᠎ᠠ ᠰᠠᠶ᠋ᠢ ᠴᠡᠭᠡ ᠪᠤᠯᠵᠤ ᠪᠤᠯᠪᠠᠰᠤᠷᠳᠠᠬ ᠪᠤᠯᠬᠤᠷ ᠤᠯᠠᠮᠵᠢᠯᠠᠯᠳᠤ ᠴᠡᠭᠡ ᠬᠢᠬᠦ ᠠᠷᠭ᠎ᠠ ᠨᠢ ᠬᠦᠮᠦᠨ ᠪᠠ ᠴᠠᠬ ᠢ ᠨᠡᠯᠢᠶᠡᠳ ᠭᠡᠷᠡᠭᠰᠡᠳᠡᠭ ᠪᠠᠶᠢᠪᠠ᠃    ᠰᠧᠷᠡᠩᠨᠠᠮᠵᠢᠯ ᠴᠡᠭᠡ ᠪᠠᠨ ᠦᠢᠯᠡᠳᠴᠤ ᠭᠠᠷᠭᠠᠪᠠ᠃ ᠭᠡᠳᠡᠯ᠎ᠠ ᠦᠪᠡᠷ ᠤᠨ ᠬᠢᠭᠰᠡᠨ ᠴᠡᠭᠡ ᠪᠠᠨ ᠨᠡᠩ ᠤᠯᠠᠨ ᠬᠦᠮᠦᠰ ᠲᠤ ᠲᠠᠨᠢᠭᠤᠯᠤᠨ᠂ ᠭᠠᠳᠠᠬᠰᠢ ᠪᠤᠷᠤᠯᠠᠭᠤᠯᠵᠤ ᠵᠤᠭᠤᠰ ᠮᠦᠩᠬᠦ ᠪᠤᠯᠭᠠᠨ ᠬᠤᠪᠢᠷᠠᠭᠤᠯᠬᠤ ᠨᠢ ᠲᠡᠬᠦᠨ ᠳᠤ ᠠᠪᠴᠤ ᠭᠡᠯᠡᠪᠡᠯ ᠴᠡᠭᠡ ᠬᠢᠬᠦ ᠠᠴᠠ ᠴᠤ ᠬᠦᠴᠢᠷᠳᠠᠢ ᠠᠵᠢᠯ ᠪᠤᠯᠤᠬᠰᠠᠨ ᠪᠠᠶᠢᠪᠠ᠃ ᠤᠴᠢᠷ ᠨᠢ ᠲᠡᠷᠡ ᠴᠡᠭᠡ ᠪᠠᠨ ᠬᠢᠵᠤ ᠭᠠᠷᠭᠠᠭᠰᠠᠨ ᠪᠤᠯᠪᠠᠴᠤ ᠴᠡᠭᠡ ᠬᠢᠬᠦ ᠡᠵᠡᠩᠨᠡᠯᠳᠡ ᠶᠢᠨ ᠭᠡᠷᠡᠴᠢ᠂ ᠴᠡᠭᠡ ᠪᠠᠨ ᠪᠤᠷᠤᠯᠠᠭᠤᠯᠬᠤ ᠭᠡᠷᠡᠴᠢ᠂ ᠡᠷᠡᠬᠦᠯ ᠬᠠᠮᠠᠭᠠᠯᠠᠯ ᠤᠨ ᠭᠡᠷᠡᠴᠢ ᠵᠡᠷᠭᠡ ᠲᠡᠭᠡᠳᠦ ᠱᠠᠳᠤᠨ ᠠᠴᠠ ᠬᠢᠨᠠᠨ ᠰᠢᠯᠭᠠᠭᠰᠠᠨ ᠤᠯᠠᠨ ᠠᠷᠪᠢᠨ ᠭᠡᠷᠡᠴᠢ ᠲᠡᠮᠳᠡᠭ ᠦᠬᠡᠢ ᠪᠤᠯᠬᠤᠷ ᠲᠤᠬᠠᠢ ᠶᠢᠨ ᠦᠶ᠎ᠠ ᠳᠤ ᠰᠧᠷᠡᠩᠨᠠᠮᠵᠢᠯ ᠴᠡᠭᠡ ᠪᠠᠨ ᠤᠯᠠᠩᠬᠢ ᠳᠤ ᠪᠠᠨ ᠨᠠᠶᠢᠵᠠ ᠨᠦᠬᠦᠳ᠂ ᠲᠦᠷᠦᠯ ᠰᠠᠳᠤᠨ ᠳᠤ ᠪᠠᠨ ᠶᠠᠮᠠᠷ ᠴᠤ ᠦᠨ᠎ᠠ ᠲᠦᠯᠦᠪᠦᠷᠢ ᠦᠬᠡᠢ ᠪᠠᠷ ᠬᠦᠷᠭᠡᠵᠤ ᠦᠭᠳᠡᠭ ᠪᠠᠶᠢᠪᠠ᠃ ᠡᠬᠦᠨ ᠳᠤ ᠤᠯᠠᠭᠠᠨᠮᠤᠳᠤ ᠨᠤᠳᠤᠬ ᠤᠨ ᠦᠪᠦᠷᠵᠢᠯᠠᠭ᠎ᠠ᠂ ᠮᠠᠨᠵᠤ᠂ ᠲᠤᠬᠤᠮ ᠵᠡᠷᠭᠡ ᠨᠤᠳᠤᠬ ᠤᠨ ᠤᠤᠭᠠᠯ ᠮᠠᠯᠴᠢᠳ ᠪᠤᠯ ᠴᠡᠭᠡ ᠶᠢᠨ ᠦᠢᠯᠡᠳᠦᠯ ᠢ ᠰᠠᠶᠢᠨ ᠤᠢᠢᠯᠠᠭᠠᠳᠠᠬ ᠪᠤᠯᠬᠤᠷ ᠲᠡᠳᠡ ᠡᠯᠢᠭᠡ ᠬᠤᠳᠤᠭᠤᠳᠤ ᠮᠠᠭᠤᠳᠠᠬᠤ᠂ ᠴᠢᠰᠤᠨ ᠲᠠᠷᠤᠯᠳᠠ ᠦᠨᠳᠦᠷᠵᠢᠬᠦ ᠵᠡᠷᠭᠡ ᠡᠪᠡᠳᠴᠢᠨ ᠬᠠᠭᠤᠴᠢᠨ ᠲᠠᠢ ᠪᠤᠯᠤᠮᠠᠬᠴᠠ ᠵᠦᠩᠳᠡᠭᠡᠨ ᠰᠧᠷᠡᠩᠨᠠᠮᠵᠢᠯ ᠤᠨ ᠴᠡᠭᠡ ᠶᠢ ᠬᠤᠳᠠᠯᠳᠤᠨ ᠠᠪᠳᠠᠬ ᠪᠤᠶᠤ ᠬᠠᠶᠠ ᠳᠤ ᠪᠠᠨ ᠰᠦᠯᠵᠢᠶᠡᠨ ᠲᠡᠭᠡᠷ᠎ᠠ ᠴᠤ ᠲᠡᠬᠦᠨ ᠤ ᠴᠡᠭᠡ ᠶᠢ ᠵᠠᠬᠢᠶᠠᠯᠠᠳᠠᠬ ᠪᠤᠯᠤᠬᠰᠠᠨ ᠠᠴᠠ ᠰᠤᠯᠠ ᠬᠤᠳᠠᠯᠳᠤᠬᠤ ᠲᠠᠯ᠎ᠠ ᠪᠠᠷ ᠮᠠᠰᠢ ᠶᠡᠭᠡ ᠵᠠᠬ᠎ᠠ ᠲᠡᠯᠭᠡᠬᠦᠷ ᠲᠠᠢ ᠪᠤᠯᠤᠬᠰᠠᠨ ᠶᠤᠮ᠃ ᠡᠨᠡ ᠮᠠᠶ᠋ᠢᠬ ᠢᠶᠠᠷ ᠵᠢᠯ ᠭᠠᠷᠤᠢ ᠪᠤᠯᠤᠬᠰᠠᠨ ᠤ ᠲᠠᠷᠠᠭ᠎ᠠ ᠰᠧᠷᠡᠩᠨᠠᠮᠵᠢᠯ ᠤᠨ ᠴᠡᠭᠡ ᠨᠢ ᠭᠡᠳᠦᠨ ᠪᠠᠯᠭᠠᠰᠤ᠂ ᠴᠢᠨᠠᠬᠰᠢᠯᠠᠪᠠᠯ ᠪᠦᠬᠦ ᠬᠤᠰᠢᠭᠤ᠂ ᠪᠦᠬᠦ ᠠᠶᠢᠮᠠᠬ ᠤᠨ ᠬᠡᠪᠴᠢᠶᠡᠨ ᠳᠤ ᠠᠯᠳᠠᠷᠰᠢᠵᠤ᠂ ᠨᠤᠳᠤᠬ ᠤᠨ ᠬᠦᠮᠦᠰ ᠠᠴᠠ ᠪᠤᠰᠤᠳ ᠬᠤᠯᠠ ᠶᠢᠨ ᠵᠤᠭᠠᠴᠠᠭᠰᠠᠳ᠂ ᠬᠤᠰᠢᠭᠤ ᠰᠤᠮᠤ ᠶᠢᠨ ᠨᠠᠶᠢᠷ ᠲᠤ ᠴᠤᠭᠯᠠᠷᠠᠬᠰᠠᠨ ᠨᠠᠭᠠᠳᠤᠮᠴᠢᠳ ᠪᠦᠷ ᠲᠡᠬᠦᠨ ᠤ ᠴᠡᠭᠡ ᠶᠢ ᠬᠤᠳᠠᠯᠳᠤᠨ ᠠᠪᠬᠤ ᠪᠤᠯᠤᠬᠰᠠᠨ ᠨᠢ ᠲᠡᠬᠦᠨ ᠳᠤ ᠴᠡᠭᠡ ᠶᠢᠨ ᠦᠢᠯᠡᠰ ᠢ ᠬᠦᠭᠵᠢᠬᠦᠯᠬᠦ ᠢᠳᠡᠭᠡᠯ ᠢ ᠤᠯᠭᠤᠭᠰᠠᠨ ᠪᠢᠯᠡ᠃ ᠰᠧᠷᠡᠩᠨᠠᠮᠵᠢᠯ ᠪᠢᠳᠡᠨ ᠳᠤ ᠴᠡᠭᠡ ᠶᠢᠨ ᠦᠢᠯᠡᠰ ᠤᠨ ᠲᠤᠬᠠᠢ ᠨᠢᠭᠡ ᠵᠦᠢᠯ ᠤᠨ ᠲᠠᠩᠰᠠ ᠪᠤᠳᠤᠵᠤ ᠦᠭᠪᠡ᠃ ᠲᠡᠷᠡ ᠰᠠᠶ᠋ᠢ ᠡᠬᠢᠯᠡᠬᠦ ᠳᠤ ᠪᠠᠨ 7 ᠭᠡᠬᠦᠦ ᠰᠠᠭᠠᠬᠤ ᠪᠦᠭᠡᠳ ᠭᠡᠬᠦᠦ ᠰᠠᠭᠠᠬᠤ ᠬᠤᠭᠤᠴᠠᠭ᠎ᠠ ᠨᠢ ᠵᠢᠯ ᠪᠦᠷᠢ 6 — 7 ᠰᠠᠷ᠎ᠠ ᠶᠢᠨ ᠬᠤᠭᠤᠴᠠᠭ᠎ᠠ ᠪᠠᠶᠢᠵᠤ᠂ 1 ᠬᠡᠬᠦᠦ ᠠᠴᠠ ᠵᠢᠯ ᠳᠤ 1200 ᠵᠢᠩ ᠤᠷᠴᠢᠮ ᠤᠨ ᠴᠡᠭᠡ ︵1 ᠵᠢᠩ ᠰᠦ ᠠᠴᠠ 1 ᠵᠢᠩ ᠴᠡᠭᠡ ᠭᠠᠷᠳᠠᠬ︶ ᠭᠠᠷᠴᠤ᠂ ᠵᠢᠩ ᠪᠦᠷᠢ ᠶᠢ 30 ᠲᠦᠬᠦᠷᠢᠭ ︵ᠵᠠᠬ᠎ᠠ ᠲᠡᠯᠬᠡᠬᠦᠷ ᠤᠨ ᠦᠨ᠎ᠠ ᠠᠴᠠ ᠲᠤᠤᠭᠤᠷ︶ ᠢᠶᠠᠷ ᠪᠤᠳᠤᠪᠠᠯ 7 ᠭᠡᠬᠦᠦ ᠠᠴᠠ ᠵᠢᠯ ᠪᠦᠷᠢ ᠳᠤ 20 ᠭᠠᠷᠤᠢ ᠲᠦᠮᠡᠨ ᠲᠦᠬᠦᠷᠢᠭ ᠤᠨ ᠠᠰᠢᠬ ᠬᠦᠷᠳᠡᠨ᠎ᠠ᠂ ᠡᠪᠡᠰᠦ ᠪᠤᠷᠳᠤᠭ᠎ᠠ᠂ ᠬᠦᠮᠦᠨ ᠤ ᠬᠦᠴᠦ ᠪᠠ ᠪᠤᠰᠤᠳ ᠵᠠᠷᠤᠳᠠᠯ ᠢᠶᠠᠨ ᠭᠠᠷᠭᠠᠪᠠᠯ ᠴᠡᠭᠡ ᠶᠢᠨ ᠦᠢᠯᠡᠰ ᠤᠨ ᠵᠢᠯ ᠪᠦᠷᠢ ᠶᠢᠨ ᠴᠡᠪᠡᠷ ᠤᠷᠤᠯᠭ᠎ᠠ ᠨᠢ 10 ᠲᠦᠮᠡᠨ ᠲᠦᠬᠦᠷᠢᠭ ᠲᠤ ᠬᠦᠷᠴᠤ ᠪᠠᠶᠢᠳᠠᠬ᠃ ᠬᠡᠳᠦ᠋ᠢᠪᠡᠷ ᠲᠦᠷᠦᠬᠦᠦ ᠬᠤᠶᠠᠷ ᠵᠢᠯ ᠤᠨ ᠪᠤᠷᠤᠯᠠᠭᠤᠯᠭ᠎ᠠ ᠮᠠᠭᠤᠳᠠᠢ ᠠᠴᠠ ᠪᠤᠯᠵᠤ ᠠᠰᠢᠬ ᠤᠷᠤᠯᠭ᠎ᠠ ᠲᠡᠶᠢᠮᠦ ᠦᠨᠳᠦᠷ ᠪᠢᠰᠢ ᠪᠤᠯᠪᠠᠴᠤ ᠴᠡᠭᠡ ᠭᠡᠳᠡᠭ ᠠᠳᠤᠭᠤᠨ ᠤ ᠠᠰᠢᠬ ᠰᠢᠮ᠎ᠠ ᠪᠠᠷ ᠪᠦᠳᠦᠭᠡᠭᠰᠡᠨ ᠴᠡᠭᠡ ᠤᠮᠳᠠᠭᠠᠨ ᠢᠶᠠᠨ ᠤᠯᠠᠨ ᠲᠦᠮᠡᠨ ᠳᠤ ᠮᠡᠳᠡᠬᠦᠯᠵᠤ ᠲᠠᠨᠢᠭᠤᠯᠤᠬᠰᠠᠨ ᠨᠢ ᠲᠡᠬᠦᠨ ᠤ ᠬᠤᠵᠢᠮ ᠤᠨ ᠴᠡᠭᠡ ᠶᠢᠨ ᠦᠢᠯᠡᠰ ᠤᠨ ᠬᠦᠭᠵᠢᠯᠳᠡ ᠳᠤ ᠮᠠᠰᠢ ᠶᠡᠭᠡ ᠵᠠᠬ᠎ᠠ ᠲᠡᠯᠬᠡᠬᠦᠷ ᠬᠠᠩᠭᠠᠭᠰᠠᠨ ᠪᠢᠯᠡ᠃    ᠰᠧᠷᠡᠩᠨᠠᠮᠵᠢᠯ ᠵᠢᠯ ᠭᠠᠷᠤᠢ ᠬᠤᠭᠤᠴᠠᠭᠠᠨ ᠳᠤ ᠨᠡᠶᠢᠭᠡᠮ ᠵᠠᠬ᠎ᠠ ᠲᠡᠯᠭᠡᠬᠦᠷ ᠤᠨ ᠪᠠᠶᠢᠳᠠᠯ ᠢ ᠤᠢᠢᠯᠠᠭᠠᠭᠰᠠᠨ ᠤ ᠲᠠᠷᠠᠭ᠎ᠠ 2018 ᠤᠨ ᠤ 11 ᠰᠠᠷ᠎ᠠ ᠳᠤ ︽ᠬᠦᠭᠡ ᠲᠤᠯᠪᠤᠳᠠᠨ︾ ᠴᠡᠭᠡ ᠶᠢᠨ ᠦᠢᠯᠡᠰ ᠢᠶᠠᠨ ᠲᠠᠩᠰᠠᠯᠠᠭᠤᠯᠤᠨ᠂ ᠴᠡᠭᠡ ᠬᠢᠬᠦ ᠡᠵᠡᠩᠨᠡᠯᠳᠡ ᠶᠢᠨ ᠭᠡᠷᠡᠴᠢ᠂ ᠴᠡᠭᠡ ᠪᠠᠨ ᠪᠤᠷᠤᠯᠠᠭᠤᠯᠬᠤ ᠭᠡᠷᠡᠴᠢ᠂ ᠡᠷᠡᠬᠦᠯ ᠬᠠᠮᠠᠭᠠᠯᠠᠯ ᠤᠨ ᠭᠡᠷᠡᠴᠢ ᠵᠡᠷᠭᠡ ᠭᠡᠷᠡᠴᠢ ᠲᠡᠮᠳᠡᠭ ᠢᠶᠠᠨ ᠪᠦᠷᠢᠳᠦᠬᠦᠯᠦᠭᠰᠡᠨ ᠤ ᠲᠠᠷᠠᠭ᠎ᠠ ᠴᠡᠭᠡ ᠬᠢᠬᠦ ᠬᠡᠪᠴᠢᠶ᠎ᠠ ᠪᠠᠨ ᠦᠷᠭᠡᠳᠭᠡᠬᠦ ᠪᠠᠷ ᠵᠤᠷᠢᠬ ᠰᠢᠭᠤᠳᠪᠠ᠃ ᠲᠡᠷᠡ ᠬᠦᠭᠡᠬᠤᠳᠠ ᠳᠤ ᠬᠦᠷᠴᠤ ᠦᠪᠦᠷ ᠮᠤᠩᠭᠤᠯ ᠤᠨ ᠶᠡᠭᠡ ᠰᠤᠷᠭᠠᠭᠤᠯᠢ᠂ ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠢᠳᠡᠭᠡᠨ ᠤᠮᠳᠠᠭᠠᠨ᠂ ᠴᠠᠭᠠᠨ ᠢᠳᠡᠭᠡᠨ ᠵᠡᠷᠭᠡ ᠲᠠᠯ᠎ᠠ ᠪᠠᠷ ᠬᠢ ᠬᠠᠮᠢᠶ᠎ᠠ ᠪᠦᠬᠦᠢ ᠡᠷᠳᠡᠮᠳᠡᠨ ᠲᠠᠢ ᠠᠭᠤᠯᠵᠠᠵᠤ᠂ ᠲᠡᠳᠡᠨ ᠠᠴᠠ ᠤᠯᠠᠮᠵᠢᠯᠠᠯᠳᠤ ᠪᠠ ᠤᠳᠤ ᠦᠶ᠎ᠠ ᠶᠢᠨ ᠴᠡᠭᠡ ᠶᠢ ᠶᠠᠭᠠᠬᠢᠵᠤ ᠬᠢᠬᠦ ᠠᠷᠭ᠎ᠠ ᠤᠬᠠᠭᠠᠨ ᠢ ᠰᠤᠷᠤᠯᠴᠠᠬᠤ᠂ ᠴᠡᠭᠡ ᠶᠢᠨ ᠵᠠᠬ᠎ᠠ ᠲᠡᠯᠬᠡᠬᠦᠷ ᠢ ᠶᠠᠭᠠᠬᠢᠵᠤ ᠨᠡᠭᠡᠭᠡᠵᠤ᠂ ᠴᠡᠭᠡ ᠬᠢᠬᠦ ᠬᠡᠪᠴᠢᠶ᠎ᠠ ᠪᠠᠨ ᠶᠠᠭᠠᠬᠢᠵᠤ ᠦᠷᠭᠡᠳᠭᠡᠬᠦ ᠲᠤᠬᠠᠢ ᠤᠯᠠᠨ ᠵᠦᠢᠯ ᠤᠨ ᠡᠷᠬᠢᠮ ᠨᠠᠨᠳᠢᠨ ᠰᠠᠨᠠᠯ ᠵᠦᠪᠯᠡᠯᠭᠡ᠂ ᠤᠬᠠᠭᠠᠨ ᠰᠠᠨᠠᠭᠤᠯᠭ᠎ᠠ ᠬᠦᠷᠳᠡᠭᠰᠡᠨ ᠪᠠᠶᠢᠯ᠎ᠠ᠃    ᠲᠡᠷᠡ ᠦᠪᠡᠷ ᠤᠨ ᠪᠤᠬ ᠮᠠᠯ ᠢᠶᠠᠨ ᠨᠡᠯᠢᠶᠡᠳ ᠶᠡᠭᠡ ᠭᠡᠰᠡᠭ ᠢ ᠬᠤᠳᠠᠯᠳᠤᠨ᠂ ᠪᠤᠰᠤᠳ ᠭᠠᠵᠠᠷ ᠤᠷᠤᠨ ᠠᠴᠠ 60 ᠲᠦᠮᠡᠨ ᠲᠦᠬᠦᠷᠢᠭ ᠤᠨ ᠴᠡᠭᠡ ᠪᠤᠯᠪᠠᠰᠤᠷᠠᠭᠤᠯᠬᠤ ᠲᠤᠮᠤ ᠮᠠᠰᠢᠨ ᠬᠤᠳᠠᠯᠳᠤᠨ ᠤᠷᠤᠭᠤᠯᠵᠤ᠂ ᠦᠩᠭᠡᠷᠡᠭᠰᠡᠨ ᠤ 7 ᠭᠡᠬᠦᠦ ᠰᠠᠭᠠᠵᠤ ᠪᠠᠶᠢᠬᠰᠠᠨ ᠠᠴᠠ ᠪᠠᠨ 30 ᠬᠡᠬᠦᠦ ᠰᠠᠭᠠᠬᠤ ᠪᠤᠯᠵᠤ᠂ ᠦᠩᠭᠡᠷᠡᠭᠰᠡᠨ ᠤ ᠤᠯᠠᠮᠵᠢᠯᠠᠯᠳᠤ ᠢᠰᠭᠡᠨ ᠪᠤᠯᠪᠠᠰᠤᠷᠠᠭᠤᠯᠬᠤ ᠠᠷᠭ᠎ᠠ ᠪᠠᠨ ᠦᠭᠡᠷᠡᠴᠢᠯᠡᠨ᠂ ᠰᠢᠨᠵᠢᠯᠡᠬᠦ ᠮᠡᠷᠭᠡᠵᠢᠯ ᠤᠨ ᠰᠢᠨ᠎ᠠ ᠠᠷᠭ᠎ᠠ ᠪᠠᠷ ᠴᠡᠭᠡ ᠪᠠᠨ ᠬᠢᠬᠦ ᠪᠤᠯᠤᠬᠰᠠᠨ ᠨᠢ ᠲᠡᠬᠦᠨ ᠤ ᠴᠡᠭᠡ ᠶᠢᠨ ᠦᠢᠯᠡᠰ ᠨᠢ ᠰᠢᠨ᠎ᠠ ᠨᠢᠭᠡᠨ ᠬᠦᠭᠵᠢᠯᠳᠡ ᠶᠢᠨ ᠱᠠᠳᠤᠨ ᠳᠤ ᠤᠷᠤᠬᠰᠠᠨ ᠭᠡᠵᠤ ᠬᠡᠯᠡᠵᠤ ᠪᠤᠯᠤᠨ᠎ᠠ᠃ ᠡᠬᠦᠨ ᠳᠤ ᠬᠤᠷᠴᠢᠨ ᠪᠠᠷᠠᠭᠤᠨ ᠭᠠᠷᠤᠨ ᠡᠮᠤᠨᠡᠳᠦ ᠬᠤᠰᠢᠭᠤᠨ ᠤ ᠵᠠᠰᠠᠬ ᠤᠨ ᠤᠷᠳᠤᠨ ᠪᠠ ᠲᠤᠬᠤᠮ ᠰᠤᠮᠤ ᠶᠢᠨ ᠨᠠᠮ ᠤᠨ ᠬᠤᠷᠢᠶ᠎ᠠ ᠵᠠᠰᠠᠬ ᠤᠨ ᠤᠷᠳᠤᠨ ᠠᠴᠠ ᠲᠡᠬᠦᠨ ᠤ ᠴᠡᠭᠡ ᠶᠢᠨ ᠦᠢᠯᠡᠰ ᠢᠶᠠᠷ ᠨᠤᠳᠤᠬ ᠤᠨ ᠲᠦᠮᠡᠨ ᠢᠶᠠᠨ ᠲᠠᠭᠠᠭᠤᠯᠤᠨ ᠪᠠᠶᠠᠵᠢᠯ ᠤᠨ ᠵᠠᠮ ᠢᠶᠠᠷ ᠵᠤᠷᠢᠬᠳᠠᠢ ᠵᠠᠮᠨᠠᠵᠤ᠂ ᠤᠷᠤᠨ ᠨᠤᠳᠤᠬ ᠤᠨ ᠵᠤᠭᠠᠴᠠᠯ ᠤᠨ ᠦᠢᠯᠡᠰ ᠢ ᠬᠦᠭᠵᠢᠬᠦᠯᠬᠦ ᠳᠤ ᠬᠤᠪᠢ ᠨᠡᠮᠡᠷᠢ ᠦᠵᠡᠬᠦᠯᠵᠤ ᠪᠠᠶᠢᠬᠤ ᠶᠢ ᠵᠤᠷᠢᠬᠵᠢᠭᠤᠯᠤᠨ ᠮᠠᠯᠴᠢᠨ ᠲᠠᠷᠢᠶᠠᠴᠢᠨ ᠤ ᠬᠤᠷᠰᠢᠶᠠᠵᠢᠯ ᠢ ᠲᠡᠳᠬᠦᠬᠦ ᠲᠦᠷᠦᠯ ᠵᠦᠢᠯ ᠤᠨ ᠮᠦᠩᠬᠦ 30 ᠲᠦᠮᠡᠨ ᠲᠦᠬᠦᠷᠢᠭ ᠢᠶᠠᠷ ᠲᠡᠬᠦᠨ ᠤ ᠴᠡᠭᠡ ᠶᠢᠨ ᠦᠢᠯᠡᠰ ᠢ ᠲᠡᠮᠵᠢᠬᠦ ᠪᠠᠷ ᠲᠤᠭᠳᠠᠬᠰᠠᠨ ᠪᠦᠭᠡᠳ ᠡᠨᠡ ᠵᠢᠯ ᠲᠡᠭᠡᠳᠦ ᠱᠠᠳᠤᠨ ᠠᠴᠠ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠲᠦᠷᠦᠯ ᠵᠦᠢᠯ ᠤᠨ ᠲᠤᠰᠬᠠᠢ ᠪᠡᠯᠡ ᠮᠦᠩᠬᠦ 150 ᠲᠦᠮᠡᠨ ᠲᠦᠬᠦᠷᠢᠭ ᠭᠤᠶᠤᠴᠢᠯᠠᠨ ᠤᠯᠤᠬᠰᠠᠨ ᠨᠢ ᠲᠡᠬᠦᠨ ᠳᠤ ᠴᠡᠭᠡ ᠶᠢᠨ ᠦᠢᠯᠡᠰ ᠢᠶᠠᠨ ᠬᠦᠭᠵᠢᠬᠦᠯᠬᠦ ᠳᠤ ᠤᠯᠠᠮ ᠢᠳᠡᠭᠡᠯ ᠵᠤᠷᠢᠬ ᠲᠠᠢ ᠪᠤᠯᠭᠠᠭᠰᠠᠨ ᠪᠠᠶᠢᠯ᠎ᠠ᠃    ᠪᠢᠳᠡᠨ ᠢ ᠠᠴᠢᠬᠰᠠᠨ ᠰᠧᠷᠡᠩᠨᠡᠮᠵᠢᠯ ᠤᠨ ᠮᠠᠰᠢᠨ ᠲᠡᠷᠭᠡ ᠬᠦᠳᠡᠭᠡ ᠶᠢᠨ ᠪᠤᠷᠤ ᠵᠠᠮ ᠢᠶᠠᠷ ᠴᠠᠬ ᠬᠢᠷᠢᠳᠡᠢ ᠲᠤᠪᠳᠤᠯᠤᠭᠠᠳ ᠲᠡᠬᠦᠨ ᠤ ᠰᠡᠬᠦᠵᠢ ᠶᠢᠨ ᠵᠢᠯᠠᠭ᠎ᠠ ᠳᠤ ᠪᠠᠶᠢᠷᠢᠯᠠᠵᠤ ᠪᠠᠶᠢᠬᠤ ᠬᠠᠪᠤᠷᠵᠢᠶ᠎ᠠ ᠳᠤ ᠨᠢ ᠬᠦᠷᠪᠡ᠃ ᠭᠡᠳᠦ᠋ᠢᠪᠡᠷ ᠵᠤᠨ ᠤ ᠰᠡᠬᠦᠯᠴᠢ ᠨᠠᠮᠤᠷ ᠤᠨ ᠡᠬᠢᠨ ᠤ ᠤᠯᠠᠷᠢᠯ ᠪᠤᠯᠤᠬᠰᠠᠨ ᠪᠤᠯᠪᠠᠴᠤ ᠰᠡᠬᠦᠵᠢ ᠶᠢᠨ ᠵᠢᠯᠠᠭ᠎ᠠ ᠶᠢᠨ ᠡᠪᠡᠰᠦ ᠪᠡᠯᠴᠢᠭᠡᠷ ᠨᠤᠮᠢᠨ ᠨᠤᠭᠤᠭᠠᠨ ᠭᠡᠪ ᠢᠶᠠᠷ ᠢᠶᠠᠨ ᠵᠦᠬᠡᠯᠡᠨ ᠰᠠᠯᠬᠢᠨ ᠤ ᠰᠡᠪᠰᠢᠭᠡᠨ ᠳᠤ ᠨᠠᠶᠢᠭᠤᠨ ᠨᠠᠶᠢᠭᠤᠵᠤ᠂ ᠬᠦᠮᠦᠰ ᠤᠨ ᠬᠠᠷᠠᠭ᠎ᠠ ᠰᠡᠳᠬᠢᠯ ᠢ ᠪᠠᠶᠠᠰᠬᠠᠨ᠎ᠠ᠃ ᠨᠢᠳᠤᠨ ᠪᠠᠷ᠎ᠠ ᠶᠢᠨ ᠦᠵᠦᠬᠦᠷ ᠲᠤ ᠰᠧᠷᠡᠩᠨᠡᠮᠵᠢᠯ ᠤᠨ ᠵᠠᠭᠤ ᠭᠠᠷᠤᠢ ᠠᠳᠤᠭᠤ ᠡᠪᠡᠰᠦᠨ ᠤ ᠰᠤᠷᠭᠤᠬ ᠢ ᠡᠷᠢᠵᠤ ᠲᠠᠷᠬᠠᠨ ᠢᠳᠡᠰᠢᠯᠡᠵᠤ᠂ ᠬᠠᠪᠤᠷᠵᠢᠶ᠎ᠠ ᠶᠢᠨ ᠬᠤᠶᠢᠳᠤ ᠲᠤᠪᠤ ᠶᠢᠨ ᠡᠩᠭᠡᠷ ᠲᠤ ᠭᠡᠬᠦᠦ ᠰᠠᠭᠠᠵᠤ ᠪᠠᠶᠢᠬᠤ ᠬᠤᠷᠤᠭ᠎ᠠ ᠨᠢ ᠲᠦᠩᠰᠦ᠋ᠢᠨ ᠬᠠᠷᠠᠭᠳᠠᠨ᠎ᠠ᠃ ᠡᠨᠡ ᠵᠢᠯ ᠲᠡᠬᠦᠨ ᠤ ᠠᠳᠤᠭᠤ ᠨᠢ ᠲᠦᠴᠢ ᠭᠠᠷᠤᠢ ᠤᠨᠠᠭᠠᠯᠠᠬᠰᠠᠨ ᠪᠦᠭᠡᠳ 30 ᠬᠡᠬᠦᠦ ᠶᠢ ᠨᠢ ᠰᠠᠭᠠᠵᠤ᠂ ᠵᠢᠯ ᠤᠨ ᠲᠦᠷᠪᠡᠨ ᠤᠯᠠᠷᠢᠯ ᠳᠤ ᠲᠦᠷᠪᠡᠨ ᠬᠦᠮᠦᠨ ᠬᠦᠯᠦᠰᠦᠯᠡᠨ ᠠᠳᠤᠭᠤ ᠬᠠᠷᠢᠭᠤᠯᠬᠤ᠂ ᠭᠡᠬᠦᠦ ᠰᠠᠭᠠᠬᠤ᠂ ᠭᠡᠬᠦᠦ ᠪᠤᠯᠤᠨ ᠤᠨᠠᠭ᠎ᠠ ᠶᠢ ᠰᠠᠯᠭᠠᠬᠤ ᠨᠡᠶᠢᠯᠡᠬᠦᠯᠬᠦ ᠵᠡᠷᠭᠡ ᠠᠵᠢᠯ ᠢ ᠬᠢᠵᠤ᠂ ᠬᠠᠪᠤᠷ ᠤᠨ ᠲᠦᠯ ᠲᠤᠰᠬᠤ ᠪᠤᠶᠤ ᠨᠠᠮᠤᠷ ᠤᠨ ᠬᠠᠳᠤᠯᠠᠩ ᠤᠨ ᠤᠯᠠᠷᠢᠯ ᠪᠤᠯᠤᠬᠰᠠᠭᠠᠷ ᠪᠠᠰᠠ ᠭᠤᠷᠪᠠ ᠲᠦᠷᠪᠡᠨ ᠬᠦᠮᠦᠨ ᠬᠦᠯᠦᠰᠦᠯᠡᠨ ᠠᠵᠢᠯ ᠳᠤ ᠪᠠᠨ ᠶᠠᠭᠠᠷᠠᠳᠠᠬ᠃    ᠰᠧᠷᠡᠩᠨᠡᠮᠵᠢᠯ ᠠᠳᠤᠭᠤ ᠪᠠᠨ ᠬᠤᠷᠢᠶᠠᠵᠤ ᠠᠪᠴᠢᠷᠠᠭᠠᠳ ᠬᠤᠷᠤᠭᠠᠨ ᠳᠤ ᠤᠷᠤᠭᠤᠯᠤᠬᠰᠠᠨ ᠤ ᠲᠠᠷᠠᠭ᠎ᠠ ᠪᠢᠳᠡᠨ ᠳᠤ ᠢᠷᠡᠭᠡᠳᠦᠢ ᠶᠢᠨ ᠲᠤᠬᠠᠢ ᠠᠯᠤᠰ ᠤᠨ ᠲᠦᠰᠦᠪ ᠢᠶᠠᠨ ᠶᠠᠷᠢᠪᠠ᠃ ᠲᠡᠷᠡ ᠭᠡᠳᠦ᠋ᠢᠪᠡᠷ ᠤᠳᠤ ᠪᠤᠯᠳᠠᠯ᠎ᠠ ᠨᠢᠬᠡᠨᠳᠡ 70 ᠭᠠᠷᠤᠢ ᠲᠦᠮᠡᠨ ᠲᠦᠬᠦᠷᠢᠭ ᠵᠠᠷᠤᠴᠠᠭᠤᠯᠤᠨ᠂ ᠤᠷᠤᠯᠭ᠎ᠠ ᠶᠢᠨ ᠲᠠᠯ᠎ᠠ ᠪᠠᠷ ᠬᠠᠷᠠᠬᠠᠨ ᠲᠡᠶᠢᠮᠦ ᠮᠡᠳᠡᠭᠳᠡᠮ᠎ᠠ ᠪᠢᠰᠢ ᠪᠤᠯᠪᠠᠴᠤ ᠲᠡᠭᠡᠳᠦ ᠱᠠᠳᠤᠨ ᠤ ᠨᠠᠮ ᠵᠠᠰᠠᠬ ᠤᠨ ᠲᠦᠷᠦᠯ ᠵᠦᠢᠯ ᠤᠨ ᠪᠡᠯᠡ ᠮᠦᠩᠬᠦ ᠤᠳᠠᠯ ᠦᠬᠡᠢ ᠪᠠᠭᠤᠵᠤ ᠢᠷᠡᠬᠦ ᠪᠤᠯᠬᠤᠷ ᠡᠨᠡᠬᠦ ᠪᠡᠯᠡ ᠮᠦᠩᠬᠦ ᠪᠠᠷ ᠬᠠᠪᠤᠷᠵᠢᠶ᠎ᠠ ᠶᠢᠨ ᠲᠤᠨᠤᠬ ᠲᠦᠬᠦᠭᠡᠷᠦᠮᠵᠢ ᠶᠢ ᠰᠠᠶᠢᠵᠢᠷᠠᠭᠤᠯᠤᠨ᠂ ᠭᠡᠬᠦᠦ ᠰᠠᠭᠠᠬᠤ ᠲᠤᠮᠤ ᠦᠢᠯᠡᠳᠬᠦᠨ ᠤ ᠲᠠᠰᠤᠬ ᠪᠠᠶᠢᠭᠤᠯᠬᠤ ᠶᠢᠨ ᠬᠠᠮᠳᠤ ᠪᠠᠰᠠ ᠴᠡᠭᠡ ᠶᠢᠨ ᠠᠷᠢᠭᠤᠨ ᠴᠡᠪᠡᠷ ᠤᠨ ᠪᠠᠶᠢᠳᠠᠯ᠂ ᠦᠳᠭᠡᠴᠡ ᠶᠢᠨ ᠬᠡᠮᠵᠢᠶ᠎ᠠ ᠪᠤᠯᠤᠨ ᠲᠤᠯᠠᠭᠠᠨ ᠤ ᠬᠡᠮᠵᠢᠶ᠎ᠠ ᠶᠢ ᠬᠢᠨᠠᠨ ᠰᠢᠯᠭᠠᠬᠤ ᠪᠠ ᠪᠠᠺᠲ᠋ᠧᠷᠢ ᠠᠯᠠᠬᠤ ᠮᠠᠰᠢᠨ ᠬᠤᠳᠠᠯᠳᠤᠨ ᠠᠪᠬᠤ ᠪᠠᠷ ᠨᠢᠬᠡᠨᠳᠡ ᠬᠠᠶᠠ ᠠᠵᠤ ᠠᠬᠤᠢᠢᠯᠠᠯ ᠲᠠᠢ ᠬᠠᠷᠢᠴᠠᠭᠠᠳ ᠪᠠᠶᠢᠨ᠎ᠠ ᠃ ᠨᠦᠬᠦᠭᠡ ᠨᠢᠭᠡ ᠪᠦᠯᠦᠭ ᠵᠤᠭᠤᠰ ᠮᠦᠩᠬᠦ ᠪᠠᠷ ᠪᠠᠰᠠ 60 ᠬᠡᠬᠦᠦ ᠬᠤᠳᠠᠯᠳᠤᠨ ᠠᠪᠴᠤ᠂ ᠵᠢᠯ ᠪᠦᠷᠢ ᠵᠠᠭᠤᠨ ᠬᠡᠬᠦᠦ ᠰᠠᠭᠠᠵᠤ᠂ ᠪᠤᠯᠪᠠᠰᠤᠷᠠᠭᠤᠯᠤᠯᠳᠠ ᠶᠢᠨ ᠬᠡᠮᠵᠢᠶ᠎ᠠ ᠪᠠᠨ ᠴᠤ ᠨᠡᠮᠡᠭᠳᠡᠬᠦᠯᠬᠦ ᠪᠠᠷ ᠪᠠᠶᠢᠨ᠎ᠠ᠃ ᠭᠡᠳᠡᠯ᠎ᠠ ᠴᠡᠭᠡ ᠶᠢᠨ ᠦᠢᠯᠡᠳᠬᠦᠨ ᠨᠡᠮᠡᠭᠳᠡᠬᠦ ᠶᠢ ᠲᠠᠭᠠᠯᠳᠤᠨ ᠵᠠᠬ᠎ᠠ ᠲᠡᠯᠬᠡᠬᠦᠷ ᠤᠨ ᠪᠤᠷᠤᠯᠠᠭᠤᠯᠤᠯᠳᠠ ᠶᠢᠨ ᠵᠠᠮ ᠢ ᠦᠷᠭᠡᠳᠭᠡᠬᠦ ᠨᠢ ᠪᠠᠰᠠ ᠨᠢᠭᠡᠨ ᠲᠦᠪᠡᠭ ᠲᠠᠢ ᠠᠰᠠᠭᠤᠳᠠᠯ ᠲᠤᠯᠭᠠᠷᠠᠬᠰᠠᠨ ᠪᠠᠶᠢᠨ᠎ᠠ᠃ ᠡᠬᠦᠨ ᠳᠤ ᠰᠧᠷᠡᠩᠨᠠᠮᠵᠢᠯ ᠪᠤᠷᠤᠯᠠᠭᠤᠯᠤᠯᠳᠠ ᠶᠢᠨ ᠲᠤᠬᠠᠢ ᠦᠪᠡᠷ ᠤᠨ ᠭᠡᠰᠡᠨ ᠠᠷᠭ᠎ᠠ ᠤᠬᠠᠭᠠᠨ ᠢᠶᠠᠨ ᠰᠦᠪᠡᠭᠴᠢᠯᠡᠵᠤ ᠪᠤᠢ᠃ ᠲᠡᠷᠡ ᠨᠢᠭᠡ ᠲᠠᠯ᠎ᠠ ᠪᠠᠷ ᠤᠳᠤ ᠶᠢᠨ ᠪᠤᠷᠤᠯᠠᠭᠤᠯᠵᠤ ᠪᠠᠶᠢᠬᠤ ᠰᠤᠯᠠ ᠪᠤᠷᠤᠯᠠᠭᠤᠯᠭ᠎ᠠ ᠪᠠᠨ ᠴᠢᠩᠭᠠᠳᠬᠠᠬᠤ ᠶᠢᠨ ᠬᠠᠮᠳᠤ ᠠᠶᠢᠮᠠᠬ ᠬᠤᠰᠢᠭᠤᠨ ᠤ᠂ ᠴᠢᠨᠠᠬᠰᠢᠯᠠᠪᠠᠯ ᠪᠤᠰᠤᠳ ᠭᠠᠵᠠᠷ ᠤᠷᠤᠨ ᠤ ᠮᠤᠩᠭᠤᠯ ᠡᠮᠨᠡᠯᠭᠡ ᠶᠢᠨ ᠬᠤᠷᠢᠶ᠎ᠠ ᠶᠢᠨ ᠤᠳᠤᠷᠢᠳᠤᠯᠭ᠎ᠠ ᠪᠠ ᠲᠤᠰᠬᠠᠢ ᠮᠡᠷᠭᠡᠵᠢᠯᠳᠡᠨ ᠢ ᠤᠷᠢᠵᠤ᠂ ᠦᠪᠡᠷ ᠤᠨ ᠠᠳᠤᠭᠤᠨ ᠤ ᠪᠡᠯᠴᠢᠭᠡᠷ᠂ ᠭᠡᠬᠦᠦ ᠰᠠᠭᠠᠬᠤ ᠲᠤᠬᠠᠢ ᠶᠢᠨ ᠲᠠᠯᠠᠪᠤᠷ᠂ ᠴᠡᠭᠡ ᠢᠰᠭᠡᠨ ᠪᠤᠯᠪᠠᠰᠤᠷᠠᠭᠤᠯᠵᠤ ᠪᠠᠶᠢᠬᠤ ᠲᠤᠬᠠᠢ ᠶᠢᠨ ᠲᠠᠯᠠᠪᠤᠷ ᠲᠤ ᠲᠤᠭᠤᠷᠢᠨ ᠪᠠᠶᠢᠴᠠᠭᠠᠯᠳᠠ ᠬᠢᠯᠭᠡᠵᠤ᠂ ᠲᠡᠳᠡᠨ ᠤ ᠴᠡᠭᠡ ᠪᠤᠯ ᠴᠤᠯ ᠪᠠᠶᠢᠭᠠᠯᠢᠯᠢᠬ ᠡᠪᠡᠰᠦ ᠪᠡᠯᠴᠢᠭᠡᠷ᠂ ᠤᠷᠤᠨ ᠨᠤᠳᠤᠬ ᠤᠨ ᠠᠳᠤᠭᠤᠨ ᠤ ᠭᠡᠬᠦᠦ ᠠᠴᠠ ᠭᠠᠷᠤᠬᠰᠠᠨ ᠴᠡᠭᠡ ᠪᠤᠯᠬᠤ ᠶᠢ ᠲᠠᠨᠢᠭᠤᠯᠤᠨ᠂ ᠬᠠᠮᠤᠬ ᠰᠡᠬᠦᠯ ᠳᠤ ᠮᠤᠩᠭᠤᠯ ᠡᠮᠨᠡᠯᠭᠡ ᠶᠢᠨ ᠡᠮᠴᠢᠯᠡᠭᠡᠨ ᠳᠤ ᠲᠡᠬᠦᠨ ᠤ ᠴᠡᠭᠡ ᠶᠢ ᠭᠡᠷᠡᠭᠯᠡᠬᠦ ᠶᠢ ᠠᠬᠢᠭᠤᠯᠬᠤ ᠪᠤᠯᠤᠨ᠎ᠠ᠃ ᠲᠡᠷᠡ ᠰᠤᠷᠪᠤᠯᠵᠢᠯᠠᠬᠴᠢ ᠳᠤ ︽ᠭᠡᠷᠪᠡ ᠴᠡᠭᠡ ᠶᠢᠨ ᠪᠤᠯᠪᠠᠰᠤᠷᠠᠭᠤᠯᠤᠯᠳᠠ ᠰᠢᠭᠤᠳ ᠰᠢᠯᠤᠭᠤᠨ᠂ ᠵᠠᠬ᠎ᠠ ᠲᠡᠯᠭᠡᠬᠦᠷ ᠤᠨ ᠪᠤᠷᠤᠯᠠᠭᠤᠯᠤᠯᠳᠠ ᠰᠠᠶᠢᠳᠠᠢ ᠪᠤᠯᠬᠤ ᠳᠤ ᠬᠦᠷᠪᠡᠯ ᠪᠦᠬᠦ ᠵᠢᠯ ᠤᠨ ᠤᠷᠤᠯᠭ᠎ᠠ 360 ᠲᠦᠮᠡᠨ ᠲᠦᠬᠦᠷᠢᠭ ᠲᠤ ᠬᠦᠷᠬᠦ ᠪᠦᠭᠡᠳ ᠵᠢᠯ ᠤᠨ ᠴᠡᠪᠡᠷ ᠤᠷᠤᠯᠭ᠎ᠠ ᠴᠤ 280 ᠲᠦᠮᠡᠨ ᠲᠦᠬᠦᠷᠢᠭ ᠲᠤ ᠬᠦᠷᠴᠤ ᠴᠢᠳᠠᠨ᠎ᠠ᠂ ᠲᠡᠭᠡᠬᠦ ᠳᠤ ᠬᠦᠷᠪᠡᠯ ᠪᠢ ᠦᠪᠡᠷ ᠤᠨ ᠠᠵᠤ ᠠᠬᠤᠢ ᠶᠢᠨ ᠤᠷᠤᠯᠭ᠎ᠠ ᠪᠠᠨ ᠨᠡᠮᠡᠭᠳᠡᠬᠦᠯᠵᠤ ᠴᠢᠳᠠᠬᠤ ᠮᠦᠷᠳᠡᠭᠡᠨ ᠡᠨᠡᠬᠦ ᠡᠪᠦᠭᠡ ᠲᠡᠭᠡᠳᠦᠰ ᠠᠴᠠ ᠤᠯᠠᠮᠵᠢᠯᠠᠯ ᠲᠠᠢ ᠴᠡᠭᠡ ᠭᠡᠬᠦ ᠤᠮᠳᠠᠭᠠᠨ ᠢ ᠨᠡᠩ ᠤᠯᠠᠨ ᠬᠦᠮᠦᠰ ᠲᠤ ᠲᠠᠨᠢᠭᠤᠯᠵᠤ᠂ ᠤᠷᠤᠨ ᠨᠤᠳᠤᠬ ᠤᠨ ᠵᠤᠭᠠᠴᠠᠯ ᠤᠨ ᠦᠢᠯᠡᠰ ᠢ ᠬᠦᠭᠵᠢᠬᠦᠯᠬᠦ᠂ ᠨᠤᠳᠤᠬ ᠤᠨ ᠲᠦᠮᠡᠨ ᠢᠶᠠᠨ ᠲᠠᠶᠢᠴᠢᠯᠠᠨ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠳᠤ ᠨᠢᠭᠡᠨ ᠮᠦᠷᠦᠨ ᠤ ᠬᠦᠴᠦᠨ ᠢᠶᠠᠨ ᠡᠷᠬᠦᠵᠤ ᠴᠢᠳᠠᠨ᠎ᠠ︾ ᠭᠡᠵᠤ ᠢᠳᠡᠭᠡᠯ ᠪᠦᠳᠦᠨ ᠶᠠᠷᠢᠵᠤ ᠪᠠᠶᠢᠯ᠎ᠠ᠃    ᠪᠢᠳᠡ ᠰᠧᠷᠡᠩᠨᠡᠮᠵᠢᠯ ᠤᠨ ᠬᠠᠪᠤᠷᠵᠢᠶ᠎ᠠ ᠳᠤ ᠠᠳᠤᠭᠤ ᠬᠤᠷᠢᠶᠠᠬᠤ᠂ ᠭᠡᠬᠦᠦ ᠰᠠᠭᠠᠬᠤ᠂ ᠭᠡᠬᠦᠦ ᠶᠢᠨ ᠰᠦ ᠪᠠᠨ ᠠᠪᠴᠢᠷᠠᠨ ᠬᠦᠷᠦᠩᠭᠡ ᠲᠠᠢ ᠨᠡᠶᠢᠯᠡᠬᠦᠯᠦᠨ ᠴᠡᠭᠡ ᠢᠰᠭᠡᠨ ᠪᠤᠯᠪᠠᠰᠤᠷᠠᠭᠤᠯᠬᠤ ᠵᠡᠷᠭᠡ ᠪᠦᠬᠦ ᠶᠠᠪᠤᠴᠠ ᠶᠢ ᠨᠠᠷᠢᠯᠢᠬ ᠰᠠᠶᠢᠬᠠᠨ ᠰᠤᠷᠪᠤᠯᠵᠢᠯᠠᠵᠤ᠂ ᠲᠤᠬᠤᠮ ᠨᠤᠳᠤᠬ ᠠᠴᠠ ᠠᠶᠠᠷᠯᠠᠬᠤ ᠳᠤ ᠦᠳᠡᠰᠢ ᠶᠢᠨ ᠰᠢᠷᠭᠠᠯ ᠪᠦᠷᠦᠢ ᠵᠠᠰᠠᠮᠠᠯ ᠵᠠᠮ ᠤᠨ ᠬᠤᠶᠠᠷ ᠬᠠᠵᠠᠭᠤ ᠶᠢᠨ ᠡᠪᠡᠰᠦ ᠪᠡᠯᠴᠢᠭᠡᠷ ᠢ ᠤᠯᠠᠭᠠᠨ ᠰᠢᠷᠭᠠᠯ ᠦᠩᠭᠡ ᠪᠠᠷ ᠭᠤᠶᠤᠵᠢᠭᠤᠯᠤᠨ᠂ ᠪᠤᠳᠤᠯ ᠰᠡᠳᠬᠢᠯ ᠤᠨ ᠡᠴᠢᠨ᠎ᠠ ᠬᠦᠨ ᠳᠤ ᠶᠠᠬ ᠯᠡ ᠰᠠᠭᠠᠯᠢ ᠶᠢᠨ ᠦᠨᠦᠷ ᠲᠠᠢ ᠬᠦᠳᠡᠭᠡ ᠠᠴᠠ ᠪᠠᠶᠠᠵᠢᠯ ᠤᠨ ᠡᠭᠡᠰᠢᠭ ᠤᠶᠠᠩᠭᠠᠷᠠᠵᠤ ᠪᠠᠶᠢᠬᠤ ᠰᠢᠬ ᠰᠠᠨᠠᠭᠳᠠᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号