ᠡᠨᠡ ᠡᠪᠡᠳᠴᠢᠨ ᠢ ᠴᠠᠭᠠᠨ ᠬᠦᠨᠴᠡᠯᠳᠦ ᠴᠠᠭᠠᠰᠤᠨ ᠤᠷᠢᠶᠠᠮᠠᠬ ᠢᠶᠠᠷ ᠡᠮᠨᠡᠵᠦ ᠪᠤᠯᠤᠨ᠎ᠠ᠃ | 1. 7 ᠰᠡᠨᠲ᠋ᠢᠮᠧᠲᠷ ᠦᠷᠭᠡᠨ᠂ 17 ᠰᠡᠨᠲ᠋ᠢᠮᠧᠳ᠋ᠷ ᠤᠷᠳᠦ ᠴᠠᠭᠠᠨ ᠮᠤᠤᠳᠦᠦ ᠴᠠᠭᠠᠰᠦ ᠶᠢ ᠳᠡᠯᠭᠡᠭᠡᠳ ᠨᠢᠮᠭᠡᠨ | ᠨᠠᠭᠠᠯᠳᠠ ᠲᠦᠷᠬᠢᠵᠦ᠂ ᠨᠠᠭᠠᠯᠳᠠ ᠲᠠᠢ ᠳᠠᠯ᠎ᠠ ᠶᠢ ᠨᠢ ᠳᠤᠳᠤᠬᠰᠢ ᠬᠠᠨᠳᠤᠭᠤᠯᠤᠨ ᠤᠷᠢᠶᠠᠵᠦ ᠴᠠᠭᠠᠰᠤᠨ ᠤᠷᠢᠶᠠᠮᠠᠬ | ᠪᠤᠯᠭᠠᠨ᠎ᠠ᠃ ᠭᠠᠳᠠᠭᠤᠷ ᠨᠢ ᠪᠠᠰᠠ ᠨᠢᠭᠡ ᠳᠠᠪᠬᠤᠷ ᠨᠠᠭᠠᠯᠳᠠ ᠲᠦᠷᠬᠢᠭᠡᠳ ᠴᠠᠭᠠᠨ ᠬᠦᠨᠴᠡᠯ ᠤᠨ ᠳᠠᠯᠬ᠎ᠠ ᠶᠢ | ᠨᠠᠭᠠᠯᠳᠤᠭᠤᠯᠤᠨ᠎ᠠ᠃ ᠡᠨᠡ ᠬᠦ ᠡᠮᠳᠦ ᠤᠷᠢᠶᠠᠮᠠᠬ ᠢᠶᠠᠨ ᠠᠶ᠎ᠠ ᠪᠠᠷ ᠨᠢ ᠬᠠᠳᠠᠭᠠᠨ ᠡᠪᠳᠠᠢ ᠬᠠᠳᠠᠭᠠᠯᠠᠵᠦ ᠳᠠᠯᠪᠢᠨ᠎ᠠ᠃ | 2. ᠢᠳᠡᠭᠡᠯᠡᠭᠰᠡᠨ ᠡᠪᠡᠳᠴᠢᠨ ᠤ ᠭᠤᠯᠤᠮᠳᠠ ᠶᠢ ᠤᠷᠢᠳ ᠢᠶᠠᠷ ᠦᠰᠦ ᠶᠢ ᠨᠢ ᠬᠢᠷᠭᠠᠵᠦ ᠠᠷᠢᠭᠤᠳᠬᠠᠬᠰᠠᠨ ᠤ | ᠳᠠᠷᠠᠭ᠎ᠠ ᠮᠠᠰᠠ ᠵᠠᠰᠠᠯ ᠤᠨ ᠬᠢᠳᠤᠭ᠎ᠠ ᠪᠤᠶᠤ ᠳᠤᠮᠳᠠ ᠦᠷᠭᠡᠨ ᠬᠠᠨᠠᠭᠤᠷ ᠢᠶᠠᠷ ᠬᠠᠪᠤᠳᠠᠷ ᠤᠨ ᠭᠤᠤᠯ ᠢ ᠰᠡᠳᠡᠯᠵᠦ | ᠢᠳᠡᠭᠡ ᠶᠢ ᠨᠢ ᠭᠠᠷᠭᠠᠨ᠎ᠠ᠃ ᠡᠪᠡᠳᠴᠢᠨ ᠤ ᠭᠤᠯᠤᠮᠳᠠ ᠨᠢ ᠨᠢᠭᠡᠮᠤᠰᠤᠨ ᠢᠳᠡᠭᠡᠯᠡᠵᠦ ᠬᠦᠢᠴᠡᠭᠡᠳ ᠬᠠᠭᠠᠷᠠᠬᠰᠠᠨ | ᠪᠤᠯᠪᠠᠴᠦ ᠨᠦᠭᠡ ᠨᠢ ᠪᠠᠭ᠎ᠠ᠂ ᠢᠳᠡᠭᠡ ᠶᠢ ᠨᠢ ᠭᠠᠷᠭᠠᠵᠦ ᠴᠢᠳᠠᠬᠤ ᠦᠭᠡᠢ ᠪᠤᠶᠤ ᠡᠮᠳᠦ ᠴᠠᠭᠠᠰᠤᠨ ᠤᠷᠢᠶᠠᠮᠠᠬ ᠢ | ᠬᠠᠳᠬᠤᠨ ᠤᠷᠤᠭᠤᠯᠬᠤ ᠳᠤ ᠲᠦᠬᠦᠮ ᠦᠭᠡᠢ ᠪᠤᠯ ᠨᠦᠭᠡ ᠶᠢ ᠵᠤᠬᠢᠬᠤ ᠭᠡᠮᠵᠢᠶ᠎ᠠ ᠪᠠᠷ ᠶᠡᠭᠡᠳᠭᠡᠵᠦ ᠪᠤᠯᠤᠨ᠎ᠠ᠃ | ᠬᠠᠮᠤᠬ ᠰᠡᠬᠦᠯ ᠳᠤ ᠳᠤ ᠨᠢ ᠡᠮᠳᠦ ᠤᠷᠢᠶᠠᠮᠠᠬ ᠢᠶᠠᠨ ᠨᠦᠭᠡ ᠪᠠᠷ ᠨᠢ ᠬᠠᠳᠬᠤᠨ ᠤᠷᠤᠭᠤᠯᠵᠦ ᠭᠠᠳᠠᠨᠠᠬᠢ | ᠦᠵᠦᠬᠦᠷ ᠢ ᠨᠢ ᠬᠠᠶᠢᠴᠢᠯᠠᠵᠦ ᠬᠠᠶᠠᠨ᠎ᠠ᠃ ᠢᠡᠭᠬᠢᠭᠡᠳ ᠨᠢᠭᠡ ᠭᠠᠷᠠᠬ ᠪᠤᠯᠪᠠᠯ ᠡᠪᠡᠳᠴᠢᠨ ᠤ ᠭᠤᠯᠤᠮᠳᠠ ᠪᠤᠯᠤᠨ | ᠡᠷᠡᠬᠦᠯ ᠠᠷᠠᠰᠦ ᠬᠤᠶᠠᠷ ᠤᠨ ᠵᠠᠪᠰᠠᠷ ᠴᠠᠭᠠᠷᠢᠬ ᠭᠡᠯᠪᠡᠷᠢ ᠲᠠᠢ ᠵᠠᠪᠰᠠᠷ ᠭᠠᠷᠤᠨ᠎ᠠ᠃ ᠰᠠᠷ᠎ᠠ ᠪᠤᠯᠪᠠᠯ ᠡᠪᠡᠳᠴᠢᠨ ᠤ | ᠭᠤᠯᠤᠮᠳᠠ ᠨᠢ ᠰᠠᠭᠤᠷᠢ ᠪᠠᠷ ᠢᠶᠠᠨ ᠪᠤᠯᠳᠠᠷᠠᠵᠦ ᠤᠨᠠᠬᠤ ᠶᠢᠨ ᠬᠠᠮᠳᠦ ᠡᠷᠡᠬᠦᠯ ᠡᠳ᠋ ᠨᠡᠭᠡᠳᠡᠰᠦ ᠤᠷᠭᠤᠵᠦ ᠠᠨᠠᠭᠠᠳ | ᠡᠳᠡᠭᠡᠷᠡᠬᠦ ᠪᠤᠯᠤᠨ᠎ᠠ᠃ ︵ᠤᠬᠠᠭᠠᠨ︶ |