ᠹᠦ᠋ ᠶᠢᠨ ᠭᠠᠩ ᠬᠠᠭᠰᠠᠷᠠᠭᠠᠨ ᠬᠡᠳᠡᠭ ᠨᠢ ᠵᠤᠨ ᠤ ᠬᠠᠯᠠᠭᠤᠨ ᠳᠠᠬᠢ ᠭᠤᠷᠪᠠᠨ ᠹᠦ᠋ ᠶᠢᠨ ᠬᠤᠭᠤᠴᠠᠭᠠᠨ ᠤ ᠭᠠᠩ | ᠬᠠᠭᠰᠠᠷᠠᠭᠠᠨ ᠢ ᠬᠡᠯᠡᠵᠤ ᠪᠤᠢ᠃ ᠹᠦ᠋ ᠶᠢᠨ ᠭᠠᠩ ᠬᠠᠭᠰᠠᠷᠠᠭᠠᠨ ᠤ ᠦᠶ᠎ᠡ ᠳᠤ ᠳᠠᠷᠢᠮᠠᠯ ᠶᠠᠭ ᠰᠠᠶ᠋ᠢᠬᠠᠨ | ᠤᠷᠭᠤᠯᠳᠠ ᠶᠢᠨ ᠬᠦᠭᠵᠢᠩᠬᠦᠢ ᠬᠤᠭᠤᠴᠠᠭᠠᠨ ᠳᠤ ᠪᠠᠨ ᠪᠠᠶᠢᠵᠤ᠂ ᠤᠰᠥ ᠬᠡᠷᠡᠭᠰᠡᠬᠦ ᠬᠡᠮᠵᠢᠶ᠎ᠡ ᠨᠢ ᠠᠷᠪᠢᠨ ᠪᠦᠭᠡᠳ | ᠭᠠᠩ ᠢ ᠡᠰᠡᠷᠬᠦᠴᠡᠬᠦ ᠴᠢᠳᠠᠪᠤᠷᠢ ᠨᠢ ᠠᠨᠠᠶᠢᠬᠠᠨ ᠪᠠᠶᠢᠳᠠᠭ ᠠᠴᠠ ᠳᠠᠷᠢᠮᠠᠯ ᠳᠤ ᠦᠵᠡᠬᠦᠯᠬᠦ ᠬᠦᠨᠥᠭᠡᠯ ᠨᠢ ᠲᠤᠩ ᠶᠡᠭᠡ | ᠪᠠᠶᠢᠳᠠᠭ᠃ ᠶᠡᠷᠥ ᠶᠢᠨ ᠦᠭᠡᠨ ᠳᠤ ︽ᠬᠠᠪᠤᠷ ᠤᠨ ᠭᠠᠩ ᠪᠢᠰᠢ᠂ ᠬᠠᠭᠠᠰ ᠢᠶᠠᠷ ᠰᠥᠢᠳᠭᠡᠬᠦ ᠨᠢ ᠵᠤᠨ ᠤ ᠭᠠᠩ︾ | ᠬᠡᠳᠡᠭ᠃ ᠡ᠊ᠨᠡ ᠨᠢ ᠹᠦ᠋ ᠶᠢᠨ ᠭᠠᠩ ᠬᠠᠭᠰᠠᠷᠠᠭᠠᠨ ᠨᠢ ᠳᠠᠷᠢᠮᠠᠯ ᠤᠨ ᠤᠨᠠᠯᠳᠠ ᠳᠤ ᠲᠦᠢᠯ ᠤᠨ ᠶᠡᠭᠡ ᠨᠦᠯᠥᠭᠡ ᠲᠠᠢ | ᠭᠡᠰᠡᠨ ᠢ ᠬᠠᠷᠠᠭᠤᠯᠵᠤ ᠪᠠᠶᠢᠨ᠎ᠠ᠃ ᠹᠦ᠋ ᠶᠢᠨ ᠭᠠᠩ ᠬᠠᠭᠤᠷᠠᠢ ᠶᠢ ᠰᠡᠷᠬᠡᠶᠢᠯᠡᠬᠦ ᠠᠷᠭ᠎ᠠ ᠪᠠᠷᠢᠯ ᠳᠤ ᠭᠤᠤᠯᠳᠠᠭᠤ | ᠳᠤᠤᠷᠠᠬᠢ ᠬᠡᠳᠥᠨ ᠵᠥᠢᠯ ᠪᠤᠢ᠃ | 1. ᠭᠠᠨᠭ᠍ᠳᠠᠬᠤ ᠴᠠᠭ ᠠᠭᠤᠷ ᠤᠨ ᠵᠢᠮ᠎ᠡ ᠭᠤᠷᠢᠮ ᠢ ᠦᠨᠳᠥᠰᠥᠯᠡᠨ ᠳᠠᠷᠢᠶᠠᠯᠠᠩ ᠤᠨ ᠪᠦᠳᠥᠴᠡ ᠪᠠᠨ | ᠳᠤᠬᠢᠷᠠᠭᠤᠯᠵᠤ᠂ ᠹᠦ᠋ ᠶᠢᠨ ᠭᠠᠩ ᠦᠷᠬᠦᠯᠵᠢ ᠭᠠᠷᠳᠠᠭ ᠭᠠᠵᠠᠷ ᠤᠷᠤᠨ ᠨᠢ ᠳᠠᠷᠢᠬᠤ ᠡᠳᠥᠷ ᠬᠤᠭᠤᠴᠠᠭᠠᠨ ᠳᠤ ᠪᠠᠨ | ᠳᠤᠬᠢᠷᠠᠭᠤᠯᠤᠯᠳᠠ ᠬᠢᠵᠤ᠂ ᠳᠠᠷᠢᠮᠠᠯ ᠤᠨ ᠤᠰᠥ ᠬᠡᠷᠡᠭᠰᠡᠬᠦ ᠰᠤᠷᠭᠤᠭ ᠬᠤᠭᠤᠴᠠᠭ᠎ᠠ ᠶᠢ ᠹᠦ᠋ ᠶᠢᠨ ᠭᠠᠩ ᠠᠴᠠ | ᠵᠠᠶᠢᠯᠠᠭᠤᠯᠵᠤ᠂ ᠭᠠᠩ ᠤᠨ ᠭᠠᠮᠰᠢᠭ ᠢ ᠪᠠᠭᠠᠰᠬᠠᠨ᠎ᠠ᠃ | 2. ᠳᠤᠬᠢᠷᠠᠮᠵᠢᠳᠠᠢ ᠤᠰᠤᠯᠠᠬᠤ ᠬᠡᠷᠡᠭᠳᠡᠢ᠃ ᠳᠤᠰᠤᠯᠭᠠᠨ ᠤᠰᠤᠯᠠᠬᠤ᠂ ᠨᠡᠪᠴᠢᠷᠡᠬᠦᠯᠵᠤ ᠤᠰᠤᠯᠠᠬᠤ ᠵᠡᠷᠭᠡ | ᠤᠰᠥᠨ ᠳᠤ ᠭᠠᠮᠳᠠᠢ ᠠᠷᠭ᠎ᠠ ᠪᠠᠷ ᠤᠰᠤᠯᠠᠬᠤ ᠬᠡᠷᠡᠭᠳᠡᠢ᠃ | 3. ᠭᠠᠵᠠᠷ ᠢᠶᠠᠨ ᠳᠡᠭᠰᠢᠯᠡᠵᠤ᠂ ᠬᠦᠨ ᠬᠠᠭᠠᠯᠪᠤᠷᠢᠯᠠᠨ ᠬᠦᠷᠥᠰᠥ ᠪᠠᠨ ᠰᠠᠶᠢᠵᠢᠷᠠᠭᠤᠯᠬᠤ ᠬᠡᠷᠡᠭᠳᠡᠢ᠃ ᠭᠠᠵᠠᠷ | ᠳᠠᠷᠢᠶ᠎ᠠ ᠶᠢ ᠳᠡᠭᠰᠢᠯᠡᠬᠦ ᠨᠢ ᠰᠢᠭᠤᠳ ᠤᠷᠤᠰᠬᠠᠯ ᠢ ᠪᠠᠭᠠᠰᠬᠠᠬᠤ᠂ ᠤᠰᠥ ᠬᠦᠷᠥᠰᠥᠨ ᠤ ᠰᠥᠢᠳᠥᠯ ᠢ ᠬᠤᠷᠢᠭᠯᠠᠬᠤ᠂ | ᠬᠦᠷᠥᠰᠥᠨ ᠤ ᠤᠰᠥ ᠬᠠᠳᠠᠭᠠᠯᠠᠬᠤ ᠬᠡᠮᠵᠢᠶ᠎ᠡ ᠶᠢ ᠨᠡᠮᠡᠭᠳᠡᠬᠦᠯᠬᠦ ᠳᠤ ᠠᠰᠢᠭᠳᠠᠢ ᠠᠷᠭ᠎ᠠ ᠬᠡᠮᠵᠢᠶ᠎ᠡ ᠮᠦᠨ᠃ ᠬᠦᠨ | ᠬᠠᠭᠠᠯᠪᠤᠷᠢᠯᠠᠬᠤ ᠳᠤ ᠪᠠᠨ ᠵᠤᠨ ᠪᠤᠶᠤ ᠨᠠᠮᠥᠷ ᠤᠨ ᠡᠬᠢᠨ ᠤ ᠤᠯᠠᠷᠢᠯ ᠳᠤ ᠶᠠᠪᠤᠭᠳᠠᠭᠤᠯᠵᠤ᠂ ᠵᠤᠨ ᠤ ᠤᠯᠠᠷᠢᠯ ᠤᠨ | ᠬᠤᠷ᠎ᠠ ᠶᠢᠨ ᠤᠰᠥ ᠶᠢ ᠬᠦᠷᠥᠰᠥᠨ ᠳᠤ ᠬᠤᠷᠠᠮᠳᠤᠭᠤᠯᠤᠭᠠᠳ᠂ ᠳᠠᠷᠠᠭ᠎ᠠ ᠨᠢ ᠭᠤᠤᠷᠰᠥ ᠶᠢᠨ ᠳᠠᠷᠢᠮᠠᠯ ᠳᠤ ᠪᠠᠨ | ᠠᠰᠢᠭᠯᠠᠨ᠎ᠠ᠃ | 4. ᠬᠦᠷᠥᠰᠥᠨ ᠳᠠᠬᠢ ᠤᠰᠥᠨ ᠤ ᠠᠭᠤᠷᠰᠢᠯᠳᠠ ᠪᠤᠯᠤᠨ ᠳᠠᠷᠢᠮᠠᠯ ᠤᠨ ᠤᠰᠥᠨ ᠤ ᠠᠭᠤᠷᠰᠢᠯᠳᠠ ᠶᠢ | ᠪᠠᠭᠠᠰᠬᠠᠬᠤ ᠬᠡᠷᠡᠭᠳᠡᠢ᠃ ᠡᠪᠡᠰᠥ᠂ ᠡᠰᠢ ᠰᠦᠷᠡᠯ ᠵᠡᠷᠭᠡ ᠪᠠᠷ ᠬᠦᠷᠥᠰᠥ ᠶᠢ ᠪᠦᠳᠡᠭᠡᠬᠦ ᠪᠤᠶᠤ ᠡᠰᠡᠬᠦᠯ᠎ᠡ ᠦᠡᠭᠭᠡᠨ | ᠬᠦᠷᠥᠰᠥ ᠶᠢ ᠬᠠᠮᠠᠭᠠᠯᠠᠬᠤ ᠡᠳ᠋᠂ ᠬᠦᠷᠥᠰᠥᠨ ᠤ ᠴᠢᠬᠢᠭ ᠢ ᠬᠠᠮᠠᠭᠠᠯᠠᠨ ᠴᠢᠬᠢᠭ ᠨᠡᠮᠡᠭᠳᠡᠬᠦᠯᠬᠦ ᠡᠳ᠋ ᠪᠤᠶᠤ ᠬᠦᠯᠡᠮᠵᠢ | ᠪᠦᠷᠬᠦᠬᠦ ᠵᠡᠷᠭᠡ ᠠᠷᠭ᠎ᠠ ᠪᠠᠷ ᠬᠦᠷᠥᠰᠥᠨ ᠤ ᠴᠢᠬᠢᠭ ᠤᠨ ᠠᠭᠤᠷᠰᠢᠯᠳᠠ ᠪᠤᠯᠤᠨ ᠳᠠᠷᠢᠮᠠᠯ ᠤᠨ ᠴᠢᠬᠢᠭ ᠤᠨ | ᠠᠭᠤᠷᠰᠢᠯᠳᠠ ᠶᠢ ᠪᠠᠭᠠᠰᠬᠠᠨ᠎ᠠ᠃ | ︽ᠮᠠᠯᠴᠢᠨ ᠳᠠᠷᠢᠶᠠᠴᠢᠨ ᠤ ᠬᠡᠷᠡᠭᠯᠡᠭᠡᠨ ᠤ ᠮᠡᠷᠭᠡᠵᠢᠯ ᠴᠤᠪᠤᠷᠠᠯ ᠪᠢᠴᠢᠭ︾ ᠠᠴᠠ ᠠᠪᠤᠪᠠ | |