ᠡᠨᠡ ᠵᠢᠯ ᠡᠷᠬᠢᠲᠦ  ᠪᠠᠯᠭᠠᠰᠤᠨ ᠤ ᠡᠷᠳᠡᠨᠢ ᠰᠢᠰᠢ ᠡᠯᠪᠡᠭ ᠬᠤᠷᠢᠶᠠᠯᠲᠠ ᠣᠯᠪᠠ
ᠨᠡᠶᠢᠲᠡᠯᠡᠭᠰᠡᠨ ᠴᠠᠭ᠄
2021/11/5
    ᠣᠶᠢᠷ᠎ᠠ ᠳᠤ᠂ ᠡᠷᠬᠢᠲᠦ ᠪᠠᠯᠭᠠᠰᠤᠨ ᠤ ᠡᠷᠳᠡᠨᠢ ᠭᠠᠴᠠᠭ᠎ᠠ ᠶᠢᠨ 48000 ᠭᠠᠷᠤᠶ ᠮᠥ ᠡᠷᠳᠡᠨᠢ ᠰᠢᠰᠢ ᠡᠯᠪᠡᠭ ᠬᠤᠷᠢᠶᠠᠯᠲᠠ ᠣᠯᠵᠤ᠂ ᠲᠣᠰᠬᠤᠨ ᠤ ᠠᠷᠠᠳ ᠶᠠᠭ ᠬᠠᠳᠤᠵᠤ ᠬᠤᠷᠢᠶᠠᠬᠤ ᠠᠬᠢᠴᠠ ᠪᠠᠨ ᠲᠦᠷᠭᠡᠳᠬᠡᠵᠦ᠂ ᠨᠠᠮᠤᠷ ᠤᠨ ᠠᠮᠤ ᠪᠤᠳᠠᠭ᠎ᠠ ᠶᠢᠨ ᠮᠥᠬᠦᠯᠢᠭ ᠠᠮᠤ ᠶᠢ ᠴᠦ ᠰᠦᠢᠳᠭᠡᠬᠦ ᠦᠭᠡᠢ ᠪᠠᠷ ᠬᠥᠮᠥᠷᠭᠡ ᠳᠤ ᠣᠷᠣᠭᠤᠯᠬᠤ ᠶᠢ ᠦᠨᠡᠨ ᠬᠦ ᠪᠠᠲᠤᠯᠠᠵᠤ ᠪᠠᠶᠢᠨ᠎ᠠ᠃     ᠡᠨᠡ ᠨᠠᠮᠤᠷ ᠤᠨ ᠰᠡᠭᠦᠯᠴᠢ ᠪᠠᠷ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠡᠬᠡ ᠭᠠᠵᠠᠷ ᠡᠯᠪᠡᠭ ᠬᠤᠷᠢᠶᠠᠯᠲᠠ ᠤᠯᠪᠠ᠃ ᠡᠷᠬᠢᠲᠦ ᠪᠠᠯᠭᠠᠰᠤ ᠶᠢᠨ ᠡᠷᠳᠡᠨᠢ ᠰᠢᠰᠢ ᠶᠢᠨ ᠲᠠᠷᠢᠮᠠᠯ ᠤᠨ ᠡᠷᠦᠬᠡ ᠯᠦ ᠺᠦᠨ ᠤ ᠲᠠᠷᠢᠶᠠᠨ ᠭᠠᠵᠠᠷ ᠳᠡᠭᠡᠷ᠎ᠡ᠂ ᠬᠠᠳᠤᠵᠤ ᠬᠤᠷᠢᠶᠠᠬᠤ ᠮᠠᠰᠢᠨ ᠲᠠᠷᠢᠶᠠᠨ ᠳᠤᠮᠳᠠ ᠶᠠᠭᠠᠷᠠᠯᠲᠠᠢ ᠰᠦᠯᠵᠢᠯᠳᠦᠵᠦ᠂ ᠬᠠᠳᠤᠵᠤ ᠬᠤᠷᠢᠶᠠᠬᠤ᠂ ᠲᠡᠷᠭᠡᠨ ᠳᠤ ᠠᠴᠢᠶᠠᠯᠠᠬᠤ ᠵᠡᠷᠭᠡ ᠠᠯᠢ ᠤᠯᠠᠨ ᠠᠵᠢᠯ ᠤᠨ ᠳᠠᠷᠠᠭᠠᠯᠠᠯ ᠨᠢᠭᠡ ᠯᠡ ᠳᠣᠣᠷ᠎ᠠ ᠪᠦᠷᠢᠯᠳᠦᠵᠦ᠂ ᠲᠠᠷᠢᠶᠠᠨ ᠭᠠᠵᠠᠷ ᠤᠨ ᠶᠠᠭᠠᠷᠠᠯᠲᠠᠢ ᠪᠠᠶᠢᠳᠠᠯ ᠢᠯᠡᠷᠡᠨ᠎ᠡ᠃ ᠮᠠᠰᠢᠨᠴᠢᠯᠠᠯᠲᠠ ᠪᠠᠷ ᠬᠠᠳᠤᠵᠤ ᠬᠤᠷᠢᠶᠠᠬᠤ ᠨᠢ ᠯᠦ ᠺᠦᠨ ᠤ ᠬᠡᠷ ᠤᠨ ᠡᠷᠳᠡᠨᠢ ᠰᠢᠰᠢ ᠬᠠᠳᠤᠵᠤ ᠬᠤᠷᠢᠶᠠᠬᠤ ᠦᠷ᠎ᠡ ᠪᠦᠲᠦᠮᠵᠢ ᠶᠢ ᠳᠡᠭᠡᠭᠰᠢᠯᠡᠭᠦᠯᠦᠭᠰᠡᠨ ᠢᠶᠠᠷ ᠪᠠᠷᠠᠬᠤ ᠥᠬᠡᠶ ᠪᠠᠰᠠ ᠬᠥᠮᠦᠨ ᠤ ᠬᠦᠴᠦᠨ ᠤ ᠥᠪᠡᠷ ᠤᠨ ᠥᠷᠲᠡᠭ ᠢ ᠠᠷᠪᠢᠯᠠᠵᠤ᠂ ᠬᠥᠳᠡᠯᠮᠦᠷᠢ ᠶᠢᠨ ᠡᠷᠴᠢᠮ ᠢ ᠪᠠᠭᠤᠷᠠᠭᠤᠯᠪᠠ᠃ ᠯᠦ ᠺᠦᠨ᠄ ︽ᠪᠢ ᠡᠨᠡ ᠵᠢᠯ 300 ᠭᠠᠷᠤᠶ ᠮᠥ ᠡᠷᠳᠡᠨᠢ ᠰᠢᠰᠢ ᠳᠠᠷᠢᠪᠠ᠂ ᠬᠤᠷ᠎ᠠ ᠪᠣᠷᠣᠭᠠᠨ‌‍ᠰᠠᠶᠢᠨ ᠠᠴᠠ ᠪᠤᠯᠵᠤ ᠬᠤᠷᠢᠶᠠᠯᠲᠠ ᠴᠤ ᠰᠠᠶᠢᠨ᠂ ᠵᠢᠱᠢᠯᠲᠡ ᠪᠠᠷ ᠨᠢᠭᠡ ᠮᠥ ᠲᠠᠷᠢᠶᠠᠨ ᠠᠴᠠ 1000 ᠭᠠᠷᠤᠶ ᠵᠢᠩ ᠬᠤᠷᠢᠶᠠᠨ᠎ᠠ᠃ ᠤᠳᠤ ᠮᠠᠨ ᠤ ᠠᠮᠢᠳᠤᠷᠠᠯ ᠵᠢᠯ ᠠᠴᠠ ᠵᠢᠯ ᠰᠠᠶᠢᠵᠢᠷᠠᠵᠤ᠂ ᠠᠷᠠᠳ ᠲᠦᠮᠡᠨ ᠪᠦᠷ ᠮᠠᠰᠢ ᠪᠠᠶᠠᠷᠯᠠᠵᠤ ᠪᠠᠶᠢᠨ᠎ᠠ︾ ᠭᠡᠵᠦ ᠪᠠᠶᠠᠷᠲᠠᠶ ᠪᠠᠷ ᠪᠢᠳᠡᠨ ᠤ ᠰᠤᠷᠪᠤᠯᠵᠢᠯᠠᠭᠴᠢ ᠳᠤ ᠬᠡᠯᠡᠪᠡ᠃ 10 ᠰᠠᠷ᠎ᠠ ᠶᠢᠨ ᠳᠤᠮᠳᠠᠴᠢ ᠠᠴᠠ ᠨᠠᠰᠢ᠂ ᠡᠷᠳᠡᠨᠢ ᠭᠠᠴᠠᠭᠠᠨ ᠤ 624 ᠡᠷᠦᠬᠡ ᠶᠢᠨ ᠡᠷᠳᠡᠨᠢ ᠰᠢᠰᠢ ᠪᠣᠯᠪᠠᠰᠤᠷᠠᠯᠲᠠ ᠶᠢᠨ ᠬᠤᠭᠤᠴᠠᠭᠠᠨ ᠳᠠᠭᠠᠨ ᠣᠷᠣᠪᠠ᠃ ᠡᠷᠳᠡᠨᠢ ᠰᠢᠰᠢ ᠶᠢᠨ ᠡᠰᠢᠨ ᠳᠡᠭᠡᠷ᠎ᠡ ᠠᠯᠲᠠᠨ ᠰᠢᠷᠭᠠᠯ ᠡᠷᠳᠡᠨᠢ ᠰᠢᠰᠢ ᠲᠤᠯᠤᠭᠠᠢ ᠪᠠᠨ ᠳᠠᠭᠠᠭᠠᠵᠤ ᠶᠠᠳᠠᠨ ᠡᠯᠭᠦᠭᠳᠡᠵᠤ᠂ ᠬᠠᠳᠤᠵᠤ ᠬᠤᠷᠢᠶᠠᠬᠤ ᠮᠠᠰᠢᠨ ᠬᠦᠷᠴᠢᠭᠢᠨᠡᠨ᠂ ᠬᠥᠳᠡᠭᠡ ᠲᠣᠰᠬᠤᠨ ᠤ ᠡᠯᠪᠡᠭ ᠬᠤᠷᠢᠶᠠᠯᠲᠠ ᠶᠢᠨ ᠢᠷᠠᠭᠤ ᠬᠥᠭᠵᠢᠮ ᠢ ᠬᠠᠩᠭᠢᠨᠠᠭᠤᠯᠪᠠ᠃     ᠣᠶᠢᠯᠠᠭᠠᠭᠰᠠᠨ ᠢᠶᠠᠷ᠂ ᠡᠷᠳᠡᠨᠢ ᠭᠠᠴᠠᠭᠠᠨ ᠤ ᠲᠠᠷᠢᠶᠠᠨ ᠭᠠᠵᠠᠷ ᠤᠨ ᠲᠠᠯᠠᠪᠠᠶ ᠨᠢ 57000 ᠮᠥ ᠪᠠᠶᠢᠵᠤ᠂ ᠡᠭᠦᠨ ᠳᠤ ᠡᠷᠳᠡᠨᠢ ᠰᠢᠰᠢ ᠳᠠᠷᠢᠬᠤ ᠲᠠᠯᠠᠪᠠᠶ ᠨᠢ 48000 ᠮᠥ ᠪᠣᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号