ᠨᠦᠢᠷ ᠬᠤᠯᠵᠢᠬᠤ ᠡᠪᠡᠳᠴᠢᠨ ᠤ ᠡᠮᠴᠢᠯᠡᠭᠡ
ᠨᠡᠶᠢᠲᠡᠯᠡᠭᠰᠡᠨ ᠴᠠᠭ᠄
2021/3/19
   ᠨᠦᠢᠷ ᠬᠤᠯᠵᠢᠬᠤ ᠊᠊᠊᠊᠊ ᠨᠦᠢᠷ ᠬᠤᠯᠵᠢᠬᠤ ᠡᠪᠡᠳᠴᠢᠨ ᠪᠤᠯ ᠤᠨᠳᠠᠵᠤ ᠤᠷᠤᠬᠤ ᠦᠭᠡᠢ᠂ ᠡᠷᠳᠡ ᠰᠡᠷᠡᠬᠦ᠂ ᠳᠤᠳᠠᠭᠤ ᠤᠨᠳᠠᠬᠤ ᠵᠡᠷᠭᠡ ᠡᠪᠡᠳᠴᠢᠨ ᠤ ᠢᠯᠡᠷᠡᠯ ᠭᠠᠷᠴᠤ᠂ ᠡᠪᠡᠳᠴᠢᠳᠠᠨ ᠤ ᠠᠵᠢᠯ ᠢ ᠨᠦᠯᠦᠭᠡᠯᠡᠵᠦ᠂ ᠠᠮᠢᠳᠤᠷᠠᠯ ᠤᠨ ᠴᠢᠨᠠᠷ ᠴᠢᠨᠰᠠᠭ᠎ᠠ ᠶᠢ ᠪᠠᠭᠤᠷᠠᠭᠤᠯᠬᠤ ᠨᠢᠭᠡ ᠵᠦᠢᠯ ᠤᠨ ᠡᠪᠡᠳᠴᠢᠨ ᠪᠤᠯᠤᠨ᠎ᠠ᠃ ᠨᠦᠢᠷ ᠬᠤᠯᠵᠢᠬᠤ ᠡᠪᠡᠳᠴᠢᠨ ᠨᠢ ᠡᠪᠡᠳᠴᠤ ᠵᠤᠪᠠᠭ᠋ᠤ ᠪᠤᠰᠤᠳ ᠡᠪᠡᠳᠴᠢᠨ ᠨᠦᠭᠦᠳ ᠠᠴᠠ ᠰᠢᠯᠳᠠᠭᠠᠯᠠᠬᠤ ᠠᠴᠠ ᠭᠠᠳᠠᠨ᠎ᠠ ᠤᠯᠠᠩᠬᠢ ᠨᠢ ᠶᠡᠭᠡ ᠭᠤᠮᠤᠳᠠᠵᠤ ᠵᠤᠪᠠᠭᠰᠠᠨ᠂ ᠰᠤᠴᠢᠵᠤ ᠠᠶᠤᠭᠰᠠᠨ᠂ ᠰᠡᠳᠬᠢᠯ ᠤᠨ ᠳᠠᠷᠤᠭᠠᠰᠦ ᠬᠦᠨᠳᠤᠷᠡᠭᠰᠡᠨ᠂ ᠰᠡᠳᠬᠢᠯ ᠤᠨ ᠶᠠᠪᠤᠳᠠᠯ ᠢᠯᠡᠭᠦᠳᠡᠵᠦ ᠪᠤᠷᠤᠭᠤᠳᠠᠭᠰᠠᠨ ᠵᠡᠷᠭᠡ ᠠᠴᠠ ᠡᠭᠦᠰᠦᠨ᠎ᠡ᠃ ᠦᠷᠭᠦᠯᠵᠢ ᠳᠤᠬᠢᠶᠠᠯᠳᠤᠬᠤ ᠨᠦᠢᠷ ᠬᠤᠯᠵᠢᠬᠤ ᠡᠪᠡᠳᠴᠢᠨ ᠢ ᠬᠡᠢ ᠠᠷᠪᠢᠳᠤᠭᠰᠠᠨ ᠠᠴᠠ ᠨᠦᠢᠷ ᠬᠤᠯᠵᠢᠬᠤ᠂ ᠬᠡᠢ ᠴᠢᠰᠦ ᠬᠢᠮᠤᠷᠠᠯᠳᠤᠭᠰᠠᠨ ᠠᠴᠠ ᠨᠦᠢᠷ ᠬᠤᠯᠵᠢᠬᠤ᠂ ᠬᠡᠢ ᠬᠤᠶᠠᠩ ᠬᠠᠪᠰᠤᠷᠤᠭᠰᠠᠨ ᠠᠴᠠ ᠨᠦᠢᠷ ᠬᠤᠯᠵᠢᠬᠤ᠂ ᠬᠡᠢ ᠪᠦᠷᠢᠯᠳᠦᠭᠰᠡᠨ ᠠᠴᠠ ᠨᠦᠢᠷ ᠬᠤᠯᠵᠢᠬᠤ ᠭᠡᠵᠦ ᠳᠦᠷᠪᠡᠨ ᠵᠦᠢᠯ ᠢᠶᠠᠷ ᠬᠤᠪᠢᠶᠠᠵᠤ᠂ ᠬᠤᠪᠢᠰᠤᠩᠭᠤᠢ ᠪᠠᠷ ᠡᠮᠴᠢᠯᠡᠪᠠᠯ ᠢᠯᠡᠷᠬᠡᠢ ᠲᠤᠰᠠᠯᠠᠨ᠎ᠠ᠃ ᠬᠡᠢ ᠠᠷᠪᠢᠳᠤᠭᠰᠠᠨ ᠠᠴᠠ ᠨᠦᠢᠷ ᠬᠤᠯᠵᠢᠬᠤ ᠪᠤᠯ ᠭᠤᠤᠯᠳᠠᠭᠤ ᠶᠡᠭᠡ ᠭᠤᠮᠤᠳᠠᠵᠤ ᠭᠤᠳᠤᠷᠠᠭᠰᠠᠨ᠂ ᠶᠡᠭᠡ ᠤᠬᠢᠯᠠᠭᠰᠠᠨ᠂ ᠰᠡᠳᠬᠢᠯ ᠬᠡᠳᠦᠷᠬᠡᠢ ᠵᠤᠪᠠᠭᠰᠠᠨ᠂ ᠲᠠᠮᠢᠷ ᠳᠤᠷᠤᠢ ᠪᠠ ᠨᠠᠰᠤ ᠠᠬᠢᠭᠰᠠᠨ ᠬᠦᠮᠦᠰ ᠲᠤ ᠤᠯᠠᠨ ᠳᠤᠬᠢᠶᠠᠯᠳᠤᠨ᠎ᠠ᠃    ᠡᠪᠡᠳᠴᠢᠳᠠᠨ ᠤ ᠨᠦᠢᠷ ᠬᠤᠯᠵᠢᠬᠤ ᠶᠢ ᠳᠠᠭᠠᠯᠳᠤᠨ᠂ ᠰᠡᠳᠬᠢᠯ ᠤᠢᠢᠮᠤᠷᠡᠬᠦ᠂ ᠳᠤᠭᠳᠠᠪᠤᠷᠢ ᠠᠯᠳᠠᠬᠤ᠂ ᠬᠡᠯᠡ ᠬᠠᠭᠤᠷᠠᠢ ᠰᠢᠷᠦᠬᠦᠨ᠂ ᠰᠤᠳᠠᠯ ᠳᠦᠷᠭᠡᠨ ᠬᠤᠭᠤᠰᠤᠨ ᠪᠠᠶᠢᠳᠠᠭ᠃ ᠡᠭᠦᠨ ᠳᠤ ᠦᠷᠯᠦᠭᠡ ᠠᠭᠠᠷᠤ ᠊᠊᠊᠊᠊ 35᠂ ᠦᠳᠡ ᠳᠤ ᠠᠮᠢᠨ ᠡᠷᠳᠡᠨᠢ᠂ ᠤᠷᠤᠢ ᠤᠨᠳᠠᠬᠤ ᠳᠤ ᠽᠠᠳᠢ ᠊᠊᠊᠊᠊ 5 ᠵᠡᠷᠭᠡ ᠶᠢ ᠤᠤᠭᠤᠵᠤ᠂ ᠨᠢᠭᠡ ᠠᠴᠠ ᠭᠤᠷᠪᠠᠨ ᠭᠠᠷᠠᠭ ᠡᠮᠴᠢᠯᠡᠪᠡᠯ ᠲᠤᠰᠠᠯᠠᠨ᠎ᠠ᠃ ᠬᠡᠢ ᠴᠢᠰᠦ ᠪᠠᠷ ᠬᠢᠮᠤᠷᠠᠯᠳᠤᠭᠰᠠᠨ ᠠᠴᠠ ᠨᠦᠢᠷ ᠬᠤᠯᠵᠢᠬᠤ ᠪᠤᠯ ᠭᠤᠤᠯᠳᠠᠭᠤ ᠶᠡᠭᠡ ᠠᠭᠤᠷᠯᠠᠵᠤ ᠪᠠᠴᠢᠮᠳᠠᠭᠰᠠᠨ᠂ ᠠᠷᠢᠬᠢ ᠶᠡᠭᠡ ᠤᠤᠭᠤᠭᠰᠠᠨ᠂ ᠢᠳᠠᠷ ᠵᠠᠯᠠᠭᠤ ᠬᠦᠮᠦᠰ ᠲᠤ ᠤᠯᠠᠨ ᠳᠤᠬᠢᠶᠠᠯᠳᠤᠨ᠎ᠠ᠃ ᠡᠪᠡᠳᠴᠢᠳᠠᠨ ᠤ ᠨᠦᠢᠷ ᠬᠤᠯᠵᠢᠬᠤ ᠶᠢ ᠳᠠᠭᠠᠯᠳᠤᠨ᠂ ᠨᠢᠭᠤᠷ ᠴᠢᠷᠠᠢ ᠤᠯᠠᠶᠢᠵᠤ᠂ ᠤᠯᠠᠨ ᠵᠡᠭᠦᠳᠦᠯᠡᠬᠦ᠂ ᠬᠠᠷ᠎ᠠ ᠳᠠᠷᠤᠬᠤ᠂ ᠵᠡᠭᠦᠳᠦ ᠪᠠᠷ ᠢᠶᠠᠨ ᠶᠠᠷᠢᠬᠤ᠂ ᠠᠭᠤᠷᠯᠠᠵᠤ ᠪᠠᠴᠢᠮᠳᠠᠬᠤ ᠵᠡᠷᠭᠡ ᠰᠢᠨᠵᠢ ᠢᠯᠡᠷᠡᠨ᠎ᠡ᠃ ᠬᠡᠯᠡ ᠰᠢᠷᠠᠪᠳᠤᠷ ᠦᠩᠭᠦᠷ ᠲᠠᠢ᠂ ᠰᠤᠳᠠᠯ ᠬᠤᠶᠢᠯᠠᠷᠠᠵᠤ ᠯᠤᠭᠰᠢᠨ᠎ᠡ᠃ ᠡᠭᠦᠨ ᠳᠤ ᠦᠷᠯᠦᠭᠡ ᠠᠮᠢᠨ ᠡᠷᠳᠡᠨᠢ ᠶᠢ ᠦᠭᠴᠤ᠂ ᠦᠳᠡ ᠳᠤ ᠭᠦᠷᠭᠦᠮ ᠊᠊᠊᠊᠊ 13 ᠶᠢ ᠦᠭᠴᠤ᠂ ᠤᠷᠤᠢ ᠤᠨᠳᠠᠬᠤ ᠳᠤ ᠽᠠᠳᠢ ᠊᠊᠊᠊᠊ 5 ᠶᠢ ᠤᠤᠭᠤᠯᠭᠠᠨ᠎ᠠ᠃ ᠡᠨᠡ ᠶᠤᠰᠤᠭᠠᠷ ᠨᠢᠭᠡ ᠠᠴᠠ ᠭᠤᠷᠪᠠᠨ ᠭᠠᠷᠠᠭ ᠡᠮᠴᠢᠯᠡᠪᠡᠯ ᠲᠤᠰᠠᠯᠠᠨ᠎ᠠ᠃    ᠬᠡᠢ ᠬᠤᠶᠠᠩ ᠬᠠᠪᠰᠤᠷᠤᠭᠰᠠᠨ ᠠᠴᠠ ᠨᠦᠢᠷ ᠬᠤᠯᠵᠢᠬᠤ ᠪᠤᠯ ᠭᠤᠤᠯᠳᠠᠭᠤ ᠤᠶᠤᠨ ᠤ ᠬᠦᠳᠡᠯᠮᠦᠷᠢ ᠬᠡᠳᠦᠷᠡᠭᠰᠡᠨ᠂ ᠪᠡᠶ᠎ᠡ ᠶᠢᠨ ᠦᠢᠯᠡ ᠳᠤᠳᠠᠭᠤᠳᠠᠭᠰᠠᠨ᠂ ᠲᠠᠷᠢᠬᠢ ᠨᠤᠭᠤᠰᠦ ᠭᠡᠮᠳᠦᠭᠰᠡᠨ ᠵᠡᠷᠭᠡ ᠬᠦᠮᠦᠰ ᠲᠤ ᠤᠯᠠᠨ ᠳᠤᠬᠢᠶᠠᠯᠳᠤᠨ᠎ᠠ᠃ ᠡᠪᠡᠳᠴᠢᠳᠠᠨ ᠨᠦᠢᠷ ᠬᠤᠯᠵᠢᠬᠤ ᠶᠢ ᠳᠠᠭᠠᠯᠳᠤᠨ᠂ ᠳᠤᠯᠤᠭᠠᠢ ᠡᠪᠡᠳᠬᠦ᠂ ᠬᠦᠵᠦᠭᠦᠦ ᠬᠦᠰᠢᠬᠦ᠂ ᠳᠠᠯᠤ ᠮᠦᠷᠦ ᠪᠠᠷ ᠡᠪᠡᠳᠬᠦ ᠵᠡᠷᠭᠡ ᠰᠢᠨᠵᠢ ᠳᠠᠭᠠᠯᠳᠤᠨ ᠢᠯᠡᠷᠡᠨ᠎ᠡ᠃ ᠡᠭᠦᠨ ᠳᠤ ᠦᠷᠯᠦᠭᠡ᠂ ᠠᠮᠢᠨ ᠡᠷᠳᠡᠨᠢ ᠶᠢ ᠦᠭᠴᠤ᠂ ᠦᠳᠡ ᠳᠤ ᠡᠷᠳᠡᠨᠢ ᠦᠷᠢᠯ ᠢ ᠦᠭᠴᠤ᠂ ᠤᠷᠤᠢ ᠤᠨᠳᠠᠬᠤ ᠳᠤ ᠽᠠᠳᠢ ᠊᠊᠊᠊᠊ 5 ᠶᠢ ᠭᠠᠭᠤᠯᠠ ᠊᠊᠊᠊᠊ 4 ᠲᠠᠩ ᠢᠶᠠᠷ ᠭᠦᠯᠭᠡᠯᠡᠵᠦ ᠨᠢᠭᠡ ᠠᠴᠠ ᠭᠤᠷᠪᠠᠨ ᠭᠠᠷᠠᠭ ᠡᠮᠴᠢᠯᠡᠪᠡᠯ ᠲᠤᠰᠠᠯᠠᠨ᠎ᠠ᠃ ᠬᠡᠢ ᠪᠦᠷᠢᠯᠳᠦᠭᠰᠡᠨ ᠠᠴᠠ ᠨᠦᠢᠷ ᠬᠤᠯᠵᠢᠬᠤ ᠪᠤᠯ ᠭᠤᠤᠯᠳᠠᠭᠤ 45 ᠨᠠᠰᠤᠨ ᠠᠴᠠ 55 ᠨᠠᠰᠤᠨ ᠤ ᠡᠮᠡᠭᠳᠠᠢ ᠬᠦᠮᠦᠰ ᠲᠤ ᠳᠤᠬᠢᠶᠠᠯᠳᠤᠨ᠎ᠠ᠃ ᠡᠪᠡᠳᠴᠢᠳᠠᠨ ᠤ ᠨᠦᠢᠷ ᠬᠤᠯᠵᠢᠬᠤ ᠶᠢ ᠳᠠᠭᠠᠯᠳᠤᠨ᠂ ᠰᠡᠳᠬᠢᠯ ᠤᠢᠢᠮᠦᠷᠡᠬᠦ᠂ ᠳᠤᠭᠳᠠᠪᠤᠷᠢ ᠠᠯᠳᠠᠬᠤ᠂ ᠠᠮᠠᠷᠬᠠᠨ ᠰᠡᠳᠬᠢᠯ ᠬᠦᠳᠡᠯᠬᠦ᠂ ᠭᠡᠨᠡᠳᠳᠡ ᠨᠢᠭᠤᠷ ᠪᠡᠶ᠎ᠡ ᠢᠯᠴᠢᠬᠢᠨᠡᠬᠦ᠂ ᠭᠡᠨᠡᠳᠳᠡ ᠭᠡᠨᠡᠳᠳᠡ ᠪᠠᠷ ᠬᠦᠯᠦᠷᠡᠬᠦ᠂ ᠰᠠᠷ᠎ᠠ ᠶᠢᠨ ᠭᠬᠢᠷ ᠲᠡᠭᠰᠢ ᠦᠭᠡᠢ ᠪᠤᠶᠤ ᠴᠡᠪᠡᠷᠰᠢᠭᠰᠡᠨ ᠪᠠᠶᠢᠳᠠᠭ᠃ ᠡᠭᠦᠨ ᠳᠤ ᠦᠷᠯᠦᠭᠡ ᠠᠮᠢᠨ ᠡᠷᠳᠡᠨᠢ ᠶᠢ ᠦᠭᠴᠤ᠂ ᠦᠳᠡ ᠳᠤ ᠰᠦᠭᠮᠧᠯ ᠊᠊᠊᠊᠊ 7 ᠶᠢ ᠦᠭᠴᠤ᠂ ᠤᠷᠤᠢ ᠤᠨᠳᠠᠬᠤ ᠳᠤ ᠽᠠᠳᠢ ᠊᠊᠊᠊᠊ 5 ᠶᠢ ᠬᠠᠯᠠᠭᠤᠨ ᠰᠦ᠋ ᠪᠠᠷ ᠳᠠᠷᠤᠭᠤᠯᠵᠤ ᠨᠢᠭᠡ ᠠᠴᠠ ᠭᠤᠷᠪᠠᠨ ᠭᠠᠷᠠᠭ ᠡᠮᠴᠢᠯᠡᠪᠡᠯ ᠲᠤᠰᠠᠯᠠᠬᠤ ᠪᠦᠭᠡᠳ ᠪᠤᠰᠤᠳ ᠰᠢᠯᠳᠠᠭᠠᠨ ᠠᠴᠠ ᠡᠭᠦᠰᠦᠭᠰᠡᠨ ᠨᠦᠢᠷ ᠬᠤᠯᠵᠢᠬᠤ ᠡᠪᠡᠳᠴᠢᠨ ᠤ ᠲᠤᠬᠠᠢᠢᠳᠦ ᠡᠪᠡᠳᠴᠢᠨ ᠢ ᠡᠮᠨᠡᠬᠦ ᠶᠢᠨ ᠬᠠᠮᠳᠤ᠂ ᠳᠡᠭᠡᠷᠡᠬᠢ ᠶᠡᠷᠦᠨᠳᠡᠭ ᠠᠴᠠ ᠰᠤᠩᠭᠤᠵᠤ ᠦᠭᠪᠡᠯ ᠪᠠᠰᠠ ᠢᠯᠡᠷᠬᠡᠢ ᠲᠤᠰᠠᠯᠠᠬᠤ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号