ᠠᠮᠢᠳᠤᠷᠠᠯ ᠤᠨ 18 ᠰᠠᠨᠠᠭᠤᠯᠤᠮᠵᠢ
ᠨᠡᠶᠢᠲᠡᠯᠡᠭᠰᠡᠨ ᠴᠠᠭ᠄
2021/4/7
   1᠂ ᠨᠡᠶᠢᠬᠡᠮ ᠶᠠᠮᠠᠷ ᠪᠤᠯᠤᠭᠰᠠᠨ ᠴᠤ ᠰᠠᠶᠢᠨ ᠪᠤᠯ ᠬᠡᠵᠢᠶᠡᠳᠡ ᠰᠠᠶᠢᠨ᠂ ᠮᠠᠭᠤ ᠨᠢ ᠬᠡᠵᠢᠶᠡᠳᠡ ᠰᠠᠶᠢᠨ ᠢ ᠤᠷᠤᠯᠠᠵᠤ ᠴᠢᠳᠠᠬᠤ ᠥᠬᠡᠢ᠃    2᠂ ᠪᠤᠷᠤᠭᠤᠳᠠᠭᠰᠠᠨ ᠥᠶ᠎ᠠ ︽ᠤᠰᠤᠯᠳᠠᠯ᠎ᠠ︾ ᠬᠡᠵᠤ ᠬᠡᠯᠡᠵᠤ ᠰᠤᠷ᠂ ᠡᠨᠡ ᠪᠤᠯ ᠠᠮᠢᠳᠤᠷᠠᠯ ᠤᠨ ᠬᠠᠮᠤᠭ ᠤᠨ ᠲᠡᠬᠡᠳᠤ ᠤᠯᠵᠠ ᠮᠥᠨ᠃    3᠂ ᠨᠢᠬᠡ ᠮᠥᠡᠭᠭᠦ ᠵᠤᠭᠤᠰ ᠢᠶᠠᠷ ᠬᠤᠶᠠᠷ ᠮᠥᠡᠭᠭᠦ ᠶᠢᠨ ᠥᠷᠳᠡᠭ ᠲᠠᠢ ᠶᠠᠭᠤᠮ᠎ᠠ ᠠᠪᠴᠤ ᠲᠡᠶᠢᠯᠬᠦ ᠥᠬᠡᠢ ᠬᠡᠳᠡᠭ ᠢ ᠵᠠᠪᠠᠯ ᠮᠡᠳᠡᠵᠤ ᠠᠪ᠃ ᠲᠡᠬᠡᠵᠤ ᠪᠠᠶᠢᠮᠠᠨ ᠴᠢ ᠰᠠᠶ᠋ᠢ ᠠᠮᠢᠳᠤᠷᠠᠯ ᠤᠨ ᠮᠠᠶᠢᠮᠠᠶᠢᠴᠢᠨ ᠪᠤᠯᠵᠤ ᠴᠢᠳᠠᠨ᠎ᠠ᠃    4᠂ ᠪᠤᠰᠤᠤᠨ ᠲᠤ ᠪᠠᠶᠢᠬᠤ ᠶᠠᠭᠤᠮ᠎ᠠ ᠮᠢᠨᠤᠬᠢ ᠪᠤᠯᠪᠠᠯ ᠬᠡᠵᠤ ᠪᠤᠤ ᠪᠤᠳᠤ᠂ ᠬᠠᠷᠢᠨ ᠪᠢ ᠥᠪᠡᠷ ᠢᠶᠠᠨ ᠨᠢᠬᠡ ᠶᠢ ᠤᠯᠵᠤ ᠠᠪᠤᠶ᠎ᠠ ᠬᠡᠵᠤ ᠴᠢᠷᠮᠠᠢ᠃ ᠴᠢᠷᠮᠠᠶᠢᠵᠤ ᠯᠠ ᠪᠠᠶᠢᠪᠠᠯ ᠯᠠᠪ ᠤᠯᠤᠨ᠎ᠠ᠃    5᠂ ᠤᠯᠤᠭᠰᠠᠨ ᠵᠤᠭᠤᠰ ᠴᠢᠨᠢ ᠢᠯᠡᠬᠦᠤ ᠭᠠᠷᠴᠤ ᠪᠠᠶᠢᠪᠠᠯ ᠠᠷᠭ᠎ᠠ ᠥᠬᠡᠢ ᠪᠤᠯᠤᠭᠰᠠᠨ ᠥᠷᠤᠬᠡᠯ ᠪᠤᠰᠤᠤᠨ ᠢ ᠲᠤᠰᠠᠯᠠ᠂ ᠢᠡᠭᠭᠢᠪᠠᠯ ᠴᠢᠨᠤ ᠵᠤᠭᠤᠰ ᠴᠢᠨᠢ ᠵᠢᠩᠭᠢᠨᠢ ᠥᠨ᠎ᠡ ᠥᠷᠳᠡᠭ ᠲᠠᠢ ᠪᠤᠯᠤᠨ᠎ᠠ᠃    6᠂ ᠬᠢᠬᠦ ᠥᠬᠡᠢ ᠪᠠᠶᠢᠭᠠᠤᠨ ᠪᠢᠳᠡᠬᠢ ᠬᠡᠢ ᠭᠤᠷᠢᠯᠠ᠃ ᠥᠬᠡᠢ ᠪᠠᠶᠢᠭᠠᠤᠨ ᠪᠤᠳᠤᠬᠤ ᠨᠢ ᠨᠢᠬᠡ ᠵᠦᠢᠯ ᠤᠨ ᠪᠠᠶᠠᠷ ᠪᠤᠯᠪᠠᠴᠤ᠂ ᠡᠴᠤᠰ ᠲᠤ ᠪᠠᠨ ᠬᠡᠢ ᠬᠤᠭᠤᠰᠤᠨ᠃ ᠥᠬᠡᠢ ᠶᠠᠭᠤᠮ᠎ᠠ ᠬᠠᠰᠢ ᠯᠠ ᠥᠬᠡᠢ ᠶᠤᠮ᠂ ᠥᠷᠡᠭᠳᠡᠯ ᠥᠬᠡᠢ ᠠᠮᠵᠢᠯᠳᠠ ᠠᠯᠠᠭ᠎ᠠ᠃    7᠂ ᠤᠳᠤ ᠪᠠᠶᠢᠬᠤ ᠵᠦᠢᠯ ᠢᠶᠠᠨ ᠨᠠᠨᠳᠢᠩᠨᠠ᠂ ᠠᠯᠳᠠᠵᠤ ᠶᠠᠪᠤᠭᠤᠯᠤᠭᠠᠤᠨ ᠬᠡᠮᠰᠢᠬᠦ ᠬᠡᠷᠡᠭ ᠪᠤᠤ ᠭᠠᠷᠭ᠎ᠠ᠃ ᠠᠷᠭ᠎ᠠ ᠥᠬᠡᠢ ᠠᠯᠳᠠᠭᠠᠤᠨ ᠶᠠᠪᠤᠭᠤᠯᠤᠭᠰᠠᠨ ᠪᠤᠯ ᠪᠢᠳᠡᠬᠡᠢ ᠬᠡᠮᠰᠢᠵᠤ ᠰᠠᠭᠤ᠂ ᠬᠠᠷᠢᠨ ᠰᠤᠷᠭᠠᠮᠵᠢ ᠠᠪᠬᠤ ᠪᠠᠨ ᠪᠤᠤ ᠮᠠᠷᠳᠠ᠃    8᠂ ᠪᠤᠰᠤᠤᠨ ᠤᠨ ᠬᠡᠯᠡᠭᠰᠡᠨ ᠬᠥᠰᠡᠯ ᠡᠷᠡᠮᠡᠯᠵᠡᠯ ᠢᠶᠠᠷ ᠪᠢᠳᠡᠬᠢ ᠲᠤᠭᠤᠬᠢ ᠬᠢ᠂ ᠠᠯᠢ ᠨᠢᠬᠡᠨ ᠡᠳᠤᠷ ᠨᠢᠳᠤᠨ ᠡᠮᠤᠨ᠎ᠡ ᠴᠢᠨᠢ ᠪᠡᠶᠡᠯᠡᠭᠳᠡᠭᠦ ᠳᠤ ᠬᠥᠷᠪᠡᠯ ᠴᠢ ᠬᠠᠷᠢᠨ ᠬᠡᠳᠡᠷᠬᠦ ᠬᠥᠮᠤᠰ ᠤᠨ ᠲᠤᠭᠤᠬᠢ ᠪᠤᠯᠵᠤ ᠮᠡᠳᠡᠨ᠎ᠡ᠃ ᠴᠢᠷᠮᠠᠶᠢᠯᠳᠠ ᠲᠠᠢ ᠬᠥᠮᠤᠨ ᠳᠤ ᠪᠤᠯᠤᠮᠵᠢ ᠤᠯᠠᠨ ᠬᠡᠳᠡᠭ ᠢ ᠮᠡᠳᠡᠬᠡᠷᠡᠢ᠂ ᠬᠥᠴᠢᠷᠳᠡᠯ ᠲᠠᠢ ᠥᠶ᠎ᠡ ᠳᠤ ᠨᠢ ᠬᠠᠪᠰᠤᠷᠴᠤ ᠪᠠᠢ᠂ ᠲᠡᠳᠡ ᠬᠡᠵᠢᠶᠡᠳᠡ ᠲᠠᠨ ᠢ ᠠᠴᠢᠳᠠᠨ ᠢᠶᠠᠷ ᠥᠵᠡᠬᠦ ᠶᠤᠮ᠃    9᠂ ᠤᠯᠵᠤ ᠥᠵᠡᠭᠰᠡᠨ ᠰᠤᠨᠤᠰᠤᠭᠰᠠᠨ ᠲᠡᠷᠡ ᠪᠥᠬᠦᠨ ᠢ ᠪᠢᠳᠡᠬᠡᠢ ᠪᠥᠬᠦᠳᠡ ᠶᠢ ᠢᠳᠡᠭᠡ᠂ ᠪᠤᠰᠤᠤᠨ ᠬᠥᠮᠤᠨ ᠢ ᠴᠢ ᠤᠷᠤᠯᠠᠵᠤ ᠴᠢᠳᠠᠬᠤ ᠥᠬᠡᠢ᠂ ᠴᠢ ᠪᠤᠯ ᠬᠡᠵᠢᠶᠡᠳᠡ ᠴᠢ᠃    10᠂ ᠴᠢᠮ᠎ᠠ ᠳᠤ ᠬᠡᠷᠡᠭ ᠥᠬᠡᠢ ᠤᠴᠢᠷ ᠢ ᠪᠤᠰᠤᠤᠨ ᠠᠴᠠ ᠲᠤᠳᠠᠭᠤ ᠰᠤᠷᠠᠭᠯᠠ᠂ ᠲᠠᠪᠤᠰᠤ ᠢᠳᠡᠭᠰᠡᠨ ᠤᠷᠤᠭᠤᠯ ᠴᠢᠮ᠎ᠠ ᠶᠢ ᠴᠠᠰᠤᠳᠠᠵᠤ ᠮᠡᠳᠡᠨ᠎ᠡ᠃    11᠂ ᠴᠢᠨᠤ ᠮᠡᠳᠡᠭᠦ ᠥᠬᠡᠢ ᠴᠢᠳᠠᠬᠤ ᠥᠬᠡᠢ ᠶᠢ ᠬᠡᠨ ᠮᠡᠳᠡᠭᠰᠡᠨ ᠴᠤ ᠴᠢᠳᠠᠭᠰᠠᠨ ᠴᠤ ᠲᠡᠷᠡ ᠪᠤᠯ ᠴᠢᠨᠤ ᠪᠠᠭᠰᠢ᠂ ᠬᠥᠨᠳᠤᠯᠡᠵᠤ ᠰᠤᠷ᠂ ᠮᠡᠳᠡᠵᠤ ᠠᠪ᠂ ᠡᠨᠡ ᠪᠤᠯ ᠴᠢᠮ᠎ᠠ ᠶᠢ ᠰᠢᠯᠢᠳᠡᠭ ᠪᠤᠯᠭᠠᠬᠤ ᠭᠠᠭᠴᠠ ᠵᠠᠮ᠃    12᠂ ᠥᠪᠡᠷ ᠢ ᠪᠠᠨ ᠬᠠᠮᠢᠶᠠᠷᠴᠤ ᠰᠤᠷ᠂ ᠲᠤᠳᠠᠭᠤ ᠬᠡᠯᠡᠵᠤ ᠢᠯᠡᠬᠦᠤ ᠪᠤᠳᠤ᠂ ᠤᠯᠠᠨ ᠤ ᠲᠤᠮᠳᠠ ᠲᠤᠭᠤᠢ ᠪᠠᠶᠢᠬᠤ ᠨᠢ ᠵᠠᠷᠢᠮ ᠥᠶᠡᠰ ᠴᠢᠮ᠎ᠠ ᠳᠤ ᠬᠠᠮᠤᠭ ᠰᠠᠶᠢᠨ ᠶᠤᠮ᠃    13᠂ ᠵᠥᠪ ᠵᠠᠮ ᠢᠶᠠᠷ ᠶᠠᠪᠤᠵᠤ ᠤᠷᠤᠭᠰᠢ ᠲᠠᠪᠰᠢᠬᠤ ᠵᠤᠷᠢᠭ ᠰᠠᠨᠠᠭ᠎ᠠ ᠲᠠᠢ ᠯᠠ ᠪᠤᠯ ᠠᠮᠵᠢᠯᠳᠠ ᠯᠠᠪ ᠪᠠᠶᠢᠬᠤ ᠬᠡᠳᠡᠭ ᠢ ᠢᠳᠡᠭᠡ᠃ ᠪᠤᠷᠤᠭᠤ ᠵᠠᠮ ᠢᠶᠠᠷ ᠵᠠᠮᠨᠠᠭᠠᠤᠨ ᠬᠠᠷᠠᠩᠭᠤᠢ ᠨᠥᠬᠡᠨ ᠳᠤ ᠤᠨᠠᠭᠰᠠᠨ ᠵᠢᠱᠢᠶ᠎ᠠ ᠲᠥᠮᠡ ᠮᠢᠩᠭ᠎ᠠ ᠪᠠᠶᠢᠳᠠᠭ᠂ ᠬᠡᠮᠰᠢᠬᠦ ᠤᠴᠢᠷ ᠪᠤᠤ ᠤᠢᠢᠯᠡᠳ᠃ ᠶᠠᠭᠤ ᠵᠥᠪ᠂ ᠶᠠᠭᠤ ᠪᠤᠷᠤᠭᠤ ᠬᠡᠳᠡᠭ ᠢ ᠰᠡᠳᠬᠢᠯ ᠳᠤ ᠪᠠᠨ ᠲᠤᠪ ᠲᠤᠳᠤᠷᠬᠠᠢ ᠮᠡᠳᠡᠭᠦ ᠶᠤᠰᠤᠳᠠᠢ᠃    14᠂ ᠮᠠᠭᠤ ᠮᠠᠭᠤᠬᠠᠢ ᠰᠠᠳᠤᠷ ᠰᠠᠮᠠᠭᠤᠨ ᠵᠦᠢᠯ ᠢ ᠰᠠᠨᠠᠭᠠᠨ ᠳᠤ ᠥᠬᠡᠢ ᠤᠯᠵᠤ ᠥᠵᠡᠪᠡᠯ ᠬᠠᠮᠤᠭ ᠲᠡᠷᠢᠬᠦᠨ ᠳᠤ ᠨᠢᠳᠤ ᠪᠠᠨ ᠠᠨᠢᠵᠤ ᠪᠠᠶᠢᠭᠠᠷᠠᠢ᠂ ᠮᠠᠭᠤᠬᠠᠢ ᠶᠠᠭᠤᠮ᠎ᠠ ᠠᠴᠠ ᠬᠠᠷᠠᠩᠭᠤᠢ ᠨᠢ ᠬᠤᠯᠠ ᠲᠡᠬᠡᠷ᠎ᠡ ᠶᠤᠮ᠃    15᠂ ᠴᠢᠮ᠎ᠠ ᠳᠤ ᠬᠡᠷᠡᠭ ᠥᠬᠡᠢ ᠶᠠᠭᠤᠮ᠎ᠠ ᠶᠢ ᠪᠢᠳᠡᠬᠢ ᠬᠤᠳᠠᠯᠳᠤᠨ ᠠᠪ᠂ ᠬᠤᠵᠢᠮ ᠬᠠᠶᠠᠶ᠎ᠠ ᠬᠡᠤᠨ ᠬᠠᠶᠠᠵᠤ ᠲᠡᠶᠢᠯᠬᠦ ᠥᠬᠡᠢ ᠪᠤᠯᠳᠠᠭ᠂ ᠬᠠᠮᠤᠭ ᠡᠴᠤᠰ ᠨᠢ ᠬᠤᠭ ᠨᠤᠪᠰᠢ ᠪᠤᠯᠵᠤ᠂ ᠨᠢᠳᠤᠨ ᠤ ᠪᠤᠯᠠᠢ ᠰᠡᠳᠬᠢᠯ ᠤᠨ ᠲᠠᠷᠤᠭᠠᠰᠤ ᠪᠤᠯᠳᠠᠭ᠃    16᠂ ᠢᠯᠡᠬᠦᠴᠡ ᠤᠯᠵᠠ ᠳᠤ ᠪᠢᠳᠡᠬᠢ ᠲᠤᠷᠠᠯᠠ᠃ ᠪᠤᠶᠠᠨ ᠴᠢᠨᠢ ᠪᠠᠶᠢᠪᠠᠯ ᠠᠪᠬᠤ ᠥᠬᠡᠢ ᠴᠤ ᠢᠷᠡᠴᠢᠬᠡᠬᠦ ᠶᠤᠮ᠂ ᠠᠪᠬᠤ ᠵᠤᠬᠢᠰ ᠥᠬᠡᠢ ᠪᠤᠯ ᠬᠡᠳᠤᠢ ᠤᠯᠠᠨ ᠠᠪᠤᠪᠠᠯ ᠲᠡᠳᠤᠢ ᠤᠯᠠᠨ ᠭᠠᠢ ᠪᠠᠷᠴᠢᠤᠨ ᠲᠠᠳᠠᠵᠤ ᠥᠭᠳᠡᠭ᠂ ᠰᠢᠨᠤᠬᠠᠢ ᠰᠡᠳᠬᠢᠯ ᠪᠤᠤ ᠡᠬᠦᠰᠬᠡ᠃    17᠂ ᠬᠥᠮᠤᠨ ᠢ ᠬᠠᠷᠢᠶᠠᠴᠢᠬᠠᠭᠠᠤᠨ ᠢᠳᠡᠬᠡᠯ ᠢ ᠨᠢ ᠰᠤᠨᠤᠰᠤᠨ᠎ᠠ ᠬᠡᠳᠡᠭ ᠤᠴᠢᠷ ᠪᠠᠶᠢᠳᠠᠭ ᠥᠬᠡᠢ᠂ ᠪᠤᠰᠤᠤᠨ ᠢ ᠬᠥᠨᠳᠤᠯᠠᠵᠤ ᠪᠠᠶᠢᠮᠠᠨ ᠰᠠᠶ᠋ᠢ ᠪᠤᠰᠤᠤᠨ ᠤᠨ ᠢᠳᠡᠬᠡᠯ ᠢ ᠤᠯᠤᠨ᠎ᠠ᠂ ᠢᠳᠡᠬᠡᠯ ᠢ ᠬᠥᠷᠳᠡᠨ᠎ᠠ᠃    18᠂ ᠤᠬᠢᠯᠠᠶ᠎ᠠ ᠬᠡᠵᠤ ᠪᠤᠳᠤᠭᠰᠠᠨ ᠥᠶ᠎ᠠ ᠳᠤ ᠰᠠᠨᠠᠭ᠎ᠠ ᠪᠠᠨ ᠬᠠᠨᠳᠠᠯ᠎ᠠ ᠤᠬᠢᠯᠠ᠂ ᠢᠨᠢᠶᠡᠶ᠎ᠠ ᠬᠡᠵᠤ ᠪᠤᠳᠤᠭᠰᠠᠨ ᠴᠠᠭ ᠲᠤ ᠰᠡᠳᠬᠢᠯ ᠢᠶᠠᠨ ᠨᠡᠬᠡᠬᠡᠳᠡᠯ᠎ᠠ ᠢᠨᠢᠶᠡ᠃ ᠪᠡᠶ᠎ᠡ ᠰᠡᠳᠬᠢᠯ ᠳᠤ ᠴᠢᠨᠢ ᠲᠤᠰᠠᠳᠠᠢ ᠰᠢᠤ᠂ ᠡᠨᠡ ᠪᠠᠰᠠ ᠨᠢᠬᠡ ᠵᠦᠢᠯ ᠤᠨ ᠵᠢᠷᠭᠠᠯ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号