ᠵᠦ ᠴᠧᠩ ᠪᠠᠩ  ᠪᠥᠬᠦ  ᠬᠤᠰᠢᠭᠤᠨ  ᠤ  ᠤᠯᠤᠰ  ᠲᠥᠷᠥ  ᠬᠠᠤᠯᠢ  ᠴᠠᠭᠠᠵᠠ  ᠶᠢᠨ ᠰᠢᠰᠲ᠋ᠧᠮ ᠤᠨ ᠺᠠᠳ᠋ᠷ ᠴᠠᠭᠳᠠᠭ᠎ᠠ ᠳᠤ ᠲᠤᠰᠬᠠᠶ ᠰᠡᠳᠦᠪᠲᠦ ᠨᠠᠮ ᠤᠨ ᠬᠢᠴᠢᠶᠡᠯ ᠣᠷᠣᠪᠠ
ᠨᠡᠶᠢᠲᠡᠯᠡᠭᠰᠡᠨ ᠴᠠᠭ᠄
2021/4/8
   3 ᠰᠠᠷ᠎ᠠ ᠶᠢᠨ 29 ᠤ ᠡᠳᠦᠷ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠤᠯᠤᠰ ᠲᠥᠷᠥ ᠬᠠᠤᠯᠢ ᠴᠠᠭᠠᠵᠠ ᠶᠢᠨ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠲᠤᠰᠬᠠᠶ ᠰᠡᠳᠦᠪᠲᠦ ᠨᠠᠮ ᠤᠨ ᠬᠢᠴᠢᠶᠡᠯ ᠳᠡᠭᠡᠷ᠎ᠡ᠂ ᠠᠶᠢᠮᠠᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠵᠦᠪᠯᠡᠯ ᠤᠨ ᠳᠡᠳ᠋ ᠡᠷᠬᠢᠯᠡᠭᠴᠢ᠂ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠵᠦ ᠴᠧᠩ ᠪᠠᠩ ︽ᠮᠠᠭᠤ ᠶᠢ ᠨᠢ ᠬᠠᠯᠠᠵᠦ ᠰᠠᠶᠢᠨ ᠢ ᠨᠢ ᠪᠠᠳᠠᠷᠠᠭᠤᠯᠤᠨ᠂ ᠰᠦᠭ ᠰᠦᠨᠡᠰᠦ ᠶᠢ ᠨᠢ ᠪᠤᠶᠢᠵᠢᠭᠤᠯᠵᠤ᠂ ᠨᠠᠮ ᠪᠠ ᠠᠷᠠᠳ ᠲᠦᠮᠡᠨ ᠤ ᠰᠢᠳᠤᠷᠭᠤ ᠬᠠᠮᠠᠭᠠᠯᠠᠭᠴᠢ ᠪᠣᠯᠬᠤ ᠪᠠᠷ ᠴᠢᠷᠮᠠᠶᠢᠬᠤ  ᠬᠡᠷᠡᠭᠲᠡᠢ︾ ᠭᠡᠬᠦ ᠪᠠᠷ ᠭᠤᠣᠯ ᠰᠡᠳᠦᠪ ᠪᠣᠯᠭᠠᠵᠤ᠂ ᠤᠯᠤᠰ ᠲᠦᠷᠦ ᠬᠠᠤᠯᠢ ᠴᠠᠭᠠᠵᠠ ᠶᠢᠨ ᠺᠠᠳ᠋ᠷ ᠴᠠᠭᠳᠠᠭ᠎ᠠ ᠳᠤ ᠨᠢᠭᠡ ᠤᠳᠠᠭᠠᠨ ᠤ ᠠᠮᠢᠳᠤᠯᠢᠭ ᠰᠠᠶᠢᠬᠠᠨ ᠲᠤᠰᠬᠠᠢ ᠰᠡᠳᠦᠪᠲᠦ ᠨᠠᠮ ᠤᠨ ᠬᠢᠴᠢᠶᠡᠯ ᠣᠷᠣᠵᠤ᠂ ᠪᠦᠬᠦ ᠬᠤᠰᠢᠭᠤᠨ ᠤ ᠡᠯ᠎ᠡ ᠱᠠᠲᠤᠨ ᠤ ᠤᠯᠤᠰ ᠲᠦᠷᠦ ᠬᠠᠤᠯᠢ ᠴᠠᠭᠠᠵᠠ ᠶᠢᠨ ᠺᠠᠳ᠋ᠷ ᠴᠠᠭᠳᠠᠭ᠎ᠠ ᠶᠢᠨ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠠᠵᠢᠯ ᠤᠨ ᠪᠠᠶᠢᠷᠢ ᠶᠢᠨ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠢᠮᠠᠭᠲᠠ ᠪᠠᠷᠢᠮᠲᠠᠯᠠᠵᠤ᠂ ᠥᠷᠭᠡᠨ ᠤᠯᠠᠨ ᠠᠷᠠᠳ ᠲᠦᠮᠡᠨ ᠤ ᠦᠨᠳᠦᠰᠦᠨ ᠠᠰᠢᠭ ᠲᠤᠰᠠ ᠶᠢ ᠪᠦᠬᠦ ᠬᠦᠴᠦᠨ ᠢᠶᠠᠷ ᠢᠶᠠᠨ ᠰᠠᠶᠢᠲᠤᠷ ᠬᠠᠮᠠᠭᠠᠯᠠᠵᠤ᠂ ᠪᠣᠳᠠᠲᠤ ᠠᠵᠢᠯᠯᠠᠭ᠎ᠠ ᠪᠠᠷ ᠢᠶᠠᠨ ᠰᠢᠨ᠎ᠡ ᠴᠠᠭ ᠦᠶ᠎ᠡ ᠶᠢᠨ ᠤᠯᠤᠰ ᠲᠦᠷᠦ ᠬᠠᠤᠯᠢ ᠴᠠᠭᠠᠵᠠ ᠶᠢᠨ ᠺᠠᠳ᠋ᠷ ᠴᠠᠭᠳᠠᠭ᠎ᠠ ᠶᠢᠨ ᠰᠠᠶᠢᠨ ᠰᠠᠶᠢᠬᠠᠨ ᠲᠦᠷᠢ ᠲᠥᠷᠬᠦ ᠶᠢ ᠪᠤᠢ ᠪᠣᠯᠭᠠᠬᠤ ᠶᠢ ᠬᠦᠳᠦᠯᠦᠨ ᠵᠢᠯᠣᠭᠤᠳᠤᠨ᠎ᠠ ᠭᠡᠵᠡᠢ᠃ ᠬᠤᠰᠢᠭᠤᠨ ᠤ ᠤᠳᠤᠷᠢᠳᠤᠯᠭ᠎ᠠ ᠸᠠᠩ ᠵᠢᠶᠠ ᠪᠥᠸᠧ᠂ ᠯᠢ ᠹᠠᠩ᠂ ᠹᠠᠩ ᠢᠦᠶ ᠼᠦᠨ᠂ ᠴᠧᠨ ᠹᠧᠩ ᠬᠤᠸᠠ ᠵᠢᠴᠢ ᠬᠠᠤᠯᠢ ᠴᠠᠭᠠᠵᠠ᠂ ᠪᠠᠶᠢᠴᠠᠭᠠᠬᠤ ᠬᠤᠷᠢᠶᠠᠨ ᠤ ︽ᠬᠤᠶᠠᠷ ᠳᠠᠷᠤᠭ᠎ᠠ︾᠂ ᠪᠥᠬᠦ ᠬᠤᠰᠢᠭᠤᠨ ᠤ ᠤᠯᠤᠰ ᠲᠥᠷᠥ ᠬᠠᠤᠯᠢ ᠴᠠᠭᠠᠵᠠ ᠶᠢᠨ ᠡᠩᠨᠡᠭᠡ ᠶᠢᠨ ᠬᠥᠮᠦᠵᠢᠯ ᠴᠡᠭᠴᠡᠯᠡᠯᠲᠡ ᠶᠢᠨ ᠤᠳᠤᠷᠢᠳᠬᠤ ᠳᠤᠭᠤᠶᠢᠯᠠᠩ ᠤᠨ ᠭᠡᠰᠢᠭᠦᠨ᠂ ᠤᠯᠤᠰ ᠲᠥᠷᠥ ᠬᠠᠤᠯᠢ ᠴᠠᠭᠠᠵᠠ ᠶᠢᠨ ᠺᠠᠳ᠋ᠷ ᠴᠠᠭᠳᠠᠭ᠎ᠠ ᠶᠢᠨ ᠲᠥᠯᠥᠭᠡᠯᠡᠭᠴᠢᠳ ᠲᠤᠰᠬᠠᠶ ᠰᠡᠳᠦᠪᠲᠦ ᠨᠠᠮ ᠤᠨ ᠬᠢᠴᠢᠶᠡᠯ ᠢ ᠰᠣᠨᠣᠰᠪᠠ᠃
   ᠵᠦ ᠴᠧᠩ ᠪᠠᠩ ᠵᠢᠭᠠᠵᠤ ᠭᠠᠷᠭᠠᠭᠰᠠᠨ ᠨᠢ᠂ ᠪᠦᠬᠦ ᠬᠤᠰᠢᠭᠤᠨ ᠤ ᠡᠯ᠎ᠡ ᠱᠠᠲᠤᠨ ᠤ ᠤᠯᠤᠰ ᠲᠥᠷᠥ ᠬᠠᠤᠯᠢ ᠴᠠᠭᠠᠵᠠ ᠶᠢᠨ ᠺᠠᠳ᠋ᠷ ᠴᠠᠭᠳᠠᠭ᠎ᠠ ᠨᠠᠮ ᠤᠨ ᠲᠡᠦᠬᠡ ᠶᠢ ᠪᠠᠲᠤ ᠴᠡᠭᠡᠵᠢᠯᠡᠵᠦ᠂ ᠤᠭ ᠰᠠᠨᠠᠭ᠎ᠠ ᠪᠠᠨ ᠳᠠᠪᠲᠠᠨ ᠪᠣᠯᠪᠠᠰᠤᠷᠠᠭᠤᠯᠵᠤ᠂ ᠢᠮᠠᠭᠲᠠ ᠡᠷᠡᠰ ᠪᠠᠲᠤ ᠬᠦᠰᠡᠯᠡᠩ ᠢᠲᠡᠭᠡᠯ ᠵᠣᠷᠢᠭ ᠢᠶᠠᠷ ᠦᠨᠡᠨᠴᠢ ᠰᠢᠳᠤᠷᠭᠤ ᠴᠠᠭᠳᠠᠭ᠎ᠠ ᠶᠢᠨ ᠰᠦᠭ ᠰᠦᠨᠡᠰᠦ ᠶᠢ ᠱᠤᠭᠤᠵᠤ᠂ ᠲᠤᠭ ᠲᠡᠮᠳᠡᠭ ᠲᠣᠳᠣᠷᠬᠠᠶ ᠤᠯᠤᠰ ᠲᠥᠷᠥ ᠶᠢ ᠡᠷᠬᠢᠮᠯᠡᠬᠦ ᠪᠠᠷ ᠨᠢᠭᠡᠳᠦᠭᠡᠷ ᠱᠠᠭᠠᠷᠳᠠᠯᠭ᠎ᠠ ᠪᠣᠯᠭᠠᠵᠤ᠂ ᠦᠨᠡᠨᠴᠢ ᠰᠢᠳᠤᠷᠭᠤ ᠶᠢ ᠡᠷᠬᠢᠮᠯᠡᠬᠦ ᠪᠠᠷ ᠨᠢᠭᠡᠳᠦᠭᠡᠷ ᠪᠠᠷᠢᠮᠵᠢᠶ᠎ᠠ ᠪᠣᠯᠭᠠᠵᠤ᠂ ᠤᠯᠤᠰ ᠲᠦᠷᠦ ᠶᠢ ᠡᠷᠬᠢᠮᠯᠡᠬᠦ ᠶᠢ ᠤᠯᠤᠰ ᠲᠦᠷᠦ ᠬᠠᠤᠯᠢ ᠴᠠᠭᠠᠵᠠ ᠶᠢᠨ ᠠᠵᠢᠯ ᠤᠨ ᠡᠯ᠎ᠡ ᠲᠠᠯ᠎ᠠ᠂ ᠬᠠᠤᠯᠢ ᠬᠡᠷᠡᠭᠵᠢᠭᠦᠯᠵᠦ ᠬᠡᠷᠡᠭ ᠰᠢᠢᠳᠪᠦᠷᠢᠯᠡᠬᠦ ᠡᠯ᠎ᠡ ᠭᠤᠭᠴᠤᠭ᠎ᠠ᠂ ᠦᠢᠯᠡᠴᠢᠯᠡᠭᠡᠨ ᠤ ᠬᠠᠮᠢᠶᠠᠷᠤᠯᠲᠠ ᠶᠢᠨ ᠪᠦᠬᠦ ᠶᠠᠪᠤᠴᠠ ᠳᠤ  ᠲᠤᠭᠤᠰᠢᠯᠠᠭᠤᠯᠵᠤ᠂ ᠢᠮᠠᠭᠲᠠ ᠬᠦᠰᠡᠯᠡᠩ ᠢᠲᠡᠭᠡᠯ ᠪᠢᠰᠢᠷᠡᠯ ᠢᠶᠠᠨ ᠪᠠᠲᠤᠳᠬᠠᠵᠤ᠂ ᠰᠢᠨ᠎ᠡ ᠴᠠᠭ ᠦᠶ᠎ᠡ ᠶᠢᠨ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠪᠠᠶᠢᠭᠤᠯᠤᠯᠲᠠ ᠶᠢᠨ ᠰᠢᠨ᠎ᠡ ᠪᠠᠶᠢᠳᠠᠯ ᠰᠢᠨ᠎ᠡ ᠱᠠᠭᠠᠷᠳᠠᠯᠭ᠎ᠠ ᠶᠢ ᠭᠦᠨᠵᠡᠭᠡᠢ ᠡᠵᠡᠮᠳᠡᠵᠦ᠂ ᠨᠠᠮ ᠤᠨ ᠤᠯᠤᠰ ᠲᠦᠷᠦ ᠶᠢᠨ ᠪᠠᠶᠢᠭᠤᠯᠤᠯᠲᠠ ᠪᠠᠷ ᠶᠡᠷᠦᠩᠬᠡᠶᠢᠯᠡᠨ ᠵᠢᠯᠤᠭᠤᠳᠤᠭᠤᠯᠵᠤ᠂ ᠪᠣᠳᠠᠲᠤ ᠠᠵᠢᠯᠯᠠᠭ᠎ᠠ ᠪᠠᠷ ᠢᠶᠠᠨ ︽ᠭᠤᠷᠪᠠᠨ ᠬᠠᠷᠢᠴᠠᠯᠠᠰᠢ ᠦᠭᠡᠢ︾᠂ ︽ᠲᠠᠪᠤᠨ ᠴᠠᠭᠠᠷᠠᠭᠰᠠᠨ︾ ᠱᠠᠭᠠᠷᠳᠠᠯᠭ᠎ᠠ ᠶᠢ ᠦᠢᠯᠡᠳᠦᠯᠭᠡᠵᠢᠭᠦᠯᠬᠦ ᠬᠡᠷᠡᠭᠲᠡᠢ᠃ ᠪᠦᠬᠦ ᠬᠤᠰᠢᠭᠤᠨ ᠤ ᠡᠯ᠎ᠡ ᠱᠠᠲᠤᠨ ᠤ ᠤᠯᠤᠰ ᠲᠥᠷᠥ ᠬᠠᠤᠯᠢ ᠴᠠᠭᠠᠵᠠ ᠶᠢᠨ ᠠᠵᠢᠯᠲᠠᠳ ︽ᠠᠷᠠᠳ ᠤᠨ ᠲᠥᠯᠥᠭᠡ ᠬᠠᠤᠯᠢ ᠬᠡᠷᠡᠭᠵᠢᠭᠦᠯᠬᠦ︾ ᠵᠣᠷᠢᠯᠲᠠ ᠶᠢᠨ ᠤᠬᠠᠮᠰᠠᠷ ᠢ ᠪᠠᠲᠤ ᠪᠤᠶ ᠪᠣᠯᠭᠠᠵᠤ᠂ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠤᠬᠠᠮᠰᠠᠷ ᠢᠶᠠᠨ ᠴᠢᠩᠭᠠᠳᠬᠠᠵᠤ᠂ ᠰᠠᠨᠠᠭᠠᠴᠢᠯᠠᠭ᠎ᠠ ᠠᠴᠠ ᠪᠠᠨ ᠠᠵᠢᠯᠯᠠᠵᠤ᠂ ᠲᠤᠬᠠᠶᠢᠯᠠᠭᠰᠠᠨ ᠠᠵᠢᠯ ᠪᠣᠯᠤᠨ ᠠᠷᠠᠳ ᠤᠯᠠᠨ ᠤ ᠬᠦᠰᠡᠯ ᠡᠷᠡᠮᠡᠯᠵᠡᠯ ᠢ ᠦᠨᠡᠨᠬᠦ ᠨᠢᠭᠡᠳᠬᠡᠵᠦ᠂ ᠬᠥᠮᠦᠵᠢᠯ ᠴᠡᠭᠴᠡᠯᠡᠯᠲᠡ ᠪᠠᠷ ᠠᠵᠠ ᠲᠣᠬᠢᠶᠠᠯ ᠪᠣᠯᠭᠠᠵᠤ᠂ ᠰᠢᠨ᠎ᠡ ᠴᠠᠭ ᠦᠶ᠎ᠡ ᠶᠢᠨ ᠤᠯᠤᠰ ᠲᠦᠷᠦ ᠬᠠᠤᠯᠢ ᠴᠠᠭᠠᠵᠠ ᠶᠢᠨ ᠠᠵᠢᠯ ᠢ ᠰᠠᠶᠢᠲᠤᠷ ᠬᠢᠬᠦ ᠦᠵᠡᠯ ᠰᠠᠨᠠᠭᠠᠨ ᠤ ᠤᠬᠠᠮᠰᠠᠷ ᠪᠣᠯᠤᠨ ᠠᠵᠢᠯᠯᠠᠭ᠎ᠠ ᠶᠢᠨ ᠤᠬᠠᠮᠰᠠᠷ ᠢᠶᠠᠨ ᠴᠢᠨᠠᠭᠰᠢᠳᠠ ᠴᠢᠩᠭᠠᠳᠬᠠᠵᠤ᠂ ᠠᠷᠠᠳ ᠤᠯᠠᠨ ᠤ ᠠᠮᠤᠷ ᠲᠦᠪᠰᠢᠨ ᠤ ᠲᠦᠷᠦᠭᠳᠡᠯ ᠪᠣᠯᠤᠨ ᠬᠠᠨᠤᠮᠵᠢ ᠶᠢᠨ ᠬᠡᠮᠵᠢᠶ᠎ᠡ ᠶᠢ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ᠃ ᠥᠷᠭᠡᠨ ᠣᠯᠠᠨ ᠤᠯᠤᠰ ᠲᠥᠷᠥ ᠬᠠᠤᠯᠢ ᠴᠠᠭᠠᠵᠠ ᠶᠢᠨ ᠺᠠᠳ᠋ᠷ ᠴᠠᠭᠳᠠᠭ᠎ᠠ ᠨᠠᠷ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠠᠷᠢᠭᠤᠨ ᠴᠢᠬᠡᠴᠢ ᠪᠠᠷ ᠨᠡᠶᠢᠲᠡ ᠶᠢᠨ ᠲᠥᠯᠥᠭᠡ ᠵᠢᠳᠬᠦᠵᠦ᠂ ᠰᠤᠷᠭᠠᠨ ᠬᠥᠮᠦᠵᠢᠯ ᠤᠨ ᠴᠡᠭᠴᠡᠯᠡᠯᠲᠡ ᠶᠢ ᠥᠷᠨᠢᠭᠦᠯᠬᠦ ᠶᠢᠨ ᠴᠢᠬᠤᠯᠠ ᠠᠴᠢ ᠬᠤᠯᠪᠣᠭᠳᠠᠯ ᠢ ᠭᠦᠢᠴᠡᠳ ᠲᠠᠨᠢᠵᠤ᠂ ᠢᠮᠠᠭᠲᠠ ᠨᠡᠩ ᠥᠨᠳᠥᠷ ᠪᠠᠷᠢᠮᠵᠢᠶ᠎ᠠ᠂ ᠨᠡᠩ ᠴᠢᠩᠭ᠎ᠠ ᠰᠠᠬᠢᠯᠭ᠎ᠠ ᠪᠠᠲᠤ᠂ ᠨᠡᠩ ᠪᠣᠳᠠᠲᠠᠶ ᠰᠤᠷᠲᠠᠯ ᠢᠶᠠᠷ ᠥᠪᠡᠷ ᠤᠨ ᠪᠡᠶ᠎ᠡ ᠪᠠᠨ ᠱᠠᠭᠠᠷᠳᠠᠵᠤ᠂ ᠠᠯᠪᠠᠲᠠᠨ ᠤ ᠮᠥᠨ ᠴᠢᠨᠠᠷ ᠢᠶᠠᠨ ᠬᠠᠳᠠᠭᠠᠯᠠᠵᠤ᠂ ᠤᠯᠤᠰ ᠲᠦᠷᠦ ᠶᠢᠨ ᠤᠯᠠᠭᠠᠨ ᠱᠤᠭᠤᠮ ᠢ ᠰᠠᠬᠢᠵᠤ᠂ ᠠᠵᠢᠯᠴᠢ ᠠᠷᠪᠢᠴᠢ ᠰᠠᠶᠢᠬᠠᠨ ᠰᠤᠷᠲᠠᠯ ᠢ ᠴᠢᠩᠭ᠎ᠠ ᠬᠡᠷᠡᠭᠵᠢᠭᠦᠯᠵᠦ᠂ ᠶᠣᠰᠣ ᠰᠤᠷᠲᠠᠬᠤᠨ ᠤ ᠬᠤᠷᠢᠭ᠎ᠠ ᠱᠤᠭᠤᠮ ᠢ ᠰᠠᠬᠢᠵᠤ᠂ ᠨᠡᠶᠢᠲᠡ ᠶᠢᠨ ᠲᠥᠯᠥᠭᠡ ᠵᠢᠳᠬᠦᠵᠦ ᠠᠷᠢᠭᠤᠨ ᠴᠢᠬᠡᠴᠢ ᠶᠢᠨ ᠰᠡᠷᠭᠡᠶᠢᠯᠡᠯᠲᠡ ᠶᠢᠨ ᠱᠤᠭᠤᠮ ᠢ ᠰᠠᠬᠢᠵᠤ᠂ ᠤᠬᠠᠮᠰᠠᠷ ᠠᠴᠠ ᠪᠠᠨ ᠲᠦᠷᠢᠮ ᠲᠣᠭᠲᠠᠭᠠᠯ ᠢ ᠵᠢᠷᠤᠮᠯᠠᠨ ᠰᠠᠬᠢᠯᠭ᠎ᠠ ᠪᠠᠲᠤ ᠶᠢ ᠰᠠᠬᠢᠵᠤ᠂ ᠰᠠᠬᠢᠯᠭ᠎ᠠ ᠪᠠᠲᠤ ᠶᠢᠨ ᠵᠠᠭᠠᠭ ᠱᠤᠭᠤᠮ ᠢ ᠰᠠᠬᠢᠵᠤ᠂ ᠲᠡᠮᠤᠷ ᠮᠡᠲᠦ ᠬᠦᠰᠡᠯᠡᠩ ᠢᠲᠡᠭᠡᠯ ᠪᠢᠰᠢᠷᠡᠯ ᠲᠠᠢ᠂ ᠲᠡᠮᠤᠷ ᠮᠡᠲᠦ ᠬᠠᠷᠢᠭᠤᠴᠠᠯᠭ᠎ᠠ ᠡᠭᠦᠷᠭᠡᠯᠡᠯ ᠲᠠᠢ᠂ ᠲᠡᠮᠤᠷ ᠮᠡᠲᠦ ᠴᠠᠭᠠᠷᠠᠭᠰᠠᠨ ᠴᠢᠳᠠᠪᠤᠷᠢ ᠲᠠᠢ᠂ ᠲᠡᠮᠤᠷ ᠮᠡᠲᠦ ᠰᠠᠬᠢᠯᠭ᠎ᠠ ᠪᠠᠲᠤ ᠬᠡᠪ ᠰᠤᠷᠲᠠᠯ ᠲᠠᠢ ᠤᠯᠤᠰ ᠲᠦᠷᠦ ᠬᠠᠤᠯᠢ ᠴᠠᠭᠠᠵᠠ ᠶᠢᠨ ᠲᠡᠮᠤᠷ ᠴᠡᠷᠢᠭ ᠢ ᠴᠢᠷᠮᠠᠶᠢᠨ ᠪᠤᠢ ᠪᠣᠯᠭᠠᠵᠤ᠂ ᠰᠢᠨ᠎ᠡ ᠴᠠᠭ ᠦᠶ᠎ᠡ ᠶᠢᠨ ᠤᠯᠤᠰ ᠲᠦᠷᠦ ᠬᠠᠤᠯᠢ ᠴᠠᠭᠠᠵᠠ ᠶᠢᠨ ᠲᠡᠮᠤᠷ ᠴᠡᠷᠢᠭ ᠤᠨ ᠲᠠᠷᠬᠠᠨ ᠡᠭᠦᠷᠭᠡ ᠬᠠᠷᠢᠭᠤᠴᠠᠯᠭ᠎ᠠ ᠶᠢ ᠦᠨᠡᠨᠴᠢ ᠰᠢᠳᠤᠷᠭᠤ ᠪᠠᠷ ᠭᠦᠢᠴᠡᠳᠬᠡᠬᠦ ᠬᠡᠷᠡᠭᠲᠡᠢ ᠭᠡᠵᠡᠢ᠃    ᠵᠦ ᠴᠧᠩ ᠪᠠᠩ ᠴᠢᠩᠭᠠᠳᠬᠠᠭᠰᠠᠨ ᠨᠢ᠂ ᠤᠯᠤᠰ ᠲᠦᠷᠦ ᠬᠠᠤᠯᠢ ᠴᠠᠭᠠᠵᠠ ᠶᠢᠨ ᠺᠠᠳ᠋ᠷ ᠪᠣᠯᠤᠭᠰᠠᠨ ᠤ ᠬᠤᠪᠢ ᠳᠤ᠂ ᠬᠠᠷᠢᠭᠤᠴᠠᠯᠭ᠎ᠠ ᠬᠦᠨᠳᠦ᠂ ᠡᠭᠦᠷᠭᠡ ᠦᠩᠬᠡ ᠬᠡᠷᠡᠯᠳᠡᠢ ᠶᠤᠮ᠃ ᠣᠯᠠᠨ ᠢᠶᠠᠷ ᠢᠶᠠᠨ ᠤᠯᠤᠰ ᠲᠥᠷᠥ ᠬᠠᠤᠯᠢ ᠴᠠᠭᠠᠵᠠ ᠶᠢᠨ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠠᠵᠢᠯ ᠢ ᠭᠦᠨᠵᠡᠭᠡᠶ ᠥᠷᠨᠢᠭᠦᠯᠬᠦ ᠶᠢ ᠤᠯᠤᠰ ᠲᠥᠷᠥ ᠬᠠᠤᠯᠢ ᠴᠠᠭᠠᠵᠠ ᠶᠢᠨ ᠺᠠᠳ᠋ᠷ ᠤᠨ ᠡᠩᠨᠡᠭᠡᠨ ᠤ ᠪᠠᠶᠢᠭᠤᠯᠤᠯᠲᠠ᠂ ᠤᠯᠤᠰ ᠲᠥᠷᠥ ᠬᠠᠤᠯᠢ ᠴᠠᠭᠠᠵᠠ ᠶᠢᠨ ᠬᠦᠷᠢᠶᠡᠨ ᠳᠠᠬᠢ ᠭᠤᠣᠯᠳᠠᠯᠭ᠎ᠠ ᠲᠠᠢ ᠡᠭᠦᠷᠭᠡ ᠶᠢᠨ ᠨᠠᠶᠢᠳᠠᠪᠤᠷᠢᠵᠢᠭᠤᠯᠤᠯᠲᠠ ᠶᠢ ᠠᠬᠢᠭᠤᠯᠬᠤ ᠲᠠᠢ ᠨᠢᠭᠲᠠ ᠤᠶᠠᠯᠳᠤᠭᠤᠯᠵᠤ᠂ ᠰᠤᠷᠭᠠᠨ ᠬᠥᠮᠦᠵᠢᠭᠦᠯᠵᠦ ᠴᠡᠭᠴᠡᠯᠡᠬᠦ ᠠᠵᠢᠯ ᠤᠨ ᠪᠣᠳᠠᠲᠤ ᠦᠷ᠎ᠡ ᠪᠦᠲᠦᠭᠡᠯ ᠢ ᠤᠯᠤᠰ ᠤᠨ ᠤᠯᠤᠰ ᠲᠥᠷᠥ ᠶᠢᠨ ᠠᠮᠤᠷ ᠲᠦᠪᠰᠢᠨ ᠢ ᠬᠠᠮᠠᠭᠠᠯᠠᠬᠤ᠂ ᠨᠡᠶᠢᠭᠡᠮ ᠤᠨ ᠶᠡᠭᠡ ᠲᠠᠯ᠎ᠠ ᠶᠢᠨ ᠲᠣᠭᠲᠠᠭᠤᠨ ᠪᠠᠶᠢᠳᠠᠯ ᠢ ᠪᠠᠲᠤᠯᠠᠬᠤ᠂ ᠨᠡᠶᠢᠭᠡᠮ ᠤᠨ ᠲᠥᠪ ᠭᠤᠣᠯᠴᠢ ᠰᠢᠳᠤᠷᠭᠤ ᠶᠣᠰᠣ ᠶᠢ ᠠᠬᠢᠭᠤᠯᠬᠤ᠂ ᠠᠷᠠᠳ ᠲᠦᠮᠡᠨ ᠤ ᠠᠮᠤᠷ ᠲᠠᠶᠢᠪᠤᠩ ᠠᠵᠤ ᠲᠦᠷᠦᠭᠦ ᠶᠢ ᠪᠠᠲᠤᠯᠠᠬᠤ ᠤᠯᠤᠰ ᠲᠥᠷᠥ ᠶᠢᠨ ᠬᠥᠳᠡᠯᠭᠡᠬᠦ ᠬᠦᠴᠦᠨ᠂ ᠣᠶᠤᠨ ᠰᠠᠨᠠᠭᠠᠨ ᠤ ᠬᠥᠳᠡᠯᠭᠡᠬᠦ ᠬᠦᠴᠦᠨ᠂ ᠠᠵᠢᠯ ᠤᠨ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠵᠤ᠂ ᠤᠯᠤᠰ ᠲᠦᠷᠦ ᠶᠢᠨ ᠲᠠᠯ᠎ᠠ ᠪᠠᠷ ᠤᠶᠤᠨ ᠤᠬᠠᠭᠠᠨ ᠢᠶᠠᠨ ᠲᠥᠪᠯᠡᠷᠡᠭᠦᠯᠦᠨ  ᠪᠣᠳᠣᠯ ᠰᠠᠨᠠᠭ᠎ᠠ ᠪᠠᠨ ᠨᠢᠭᠡᠳᠭᠡᠵᠦ᠂ ᠠᠵᠢᠯ ᠤᠨ ᠲᠠᠯ᠎ᠠ ᠪᠠᠷ ᠰᠡᠳᠬᠢᠯ ᠢᠶᠠᠨ ᠨᠢᠭᠡᠳᠭᠡᠨ ᠬᠦᠴᠦᠨ ᠢᠶᠠᠨ ᠲᠥᠪᠯᠡᠷᠡᠭᠦᠯᠬᠦ ᠶᠢ ᠦᠨᠡᠨᠬᠦ ᠪᠡᠶᠡᠯᠡᠭᠦᠯᠵᠦ᠂ ᠤᠭ ᠰᠠᠨᠠᠭ᠎ᠠ ᠪᠠᠨ ᠪᠠᠷᠢᠮᠲᠠᠯᠠᠬᠤ᠂ ᠡᠭᠦᠷᠭᠡ ᠬᠠᠷᠢᠭᠤᠴᠠᠯᠭ᠎ᠠ ᠪᠠᠨ ᠡᠭᠦᠷᠭᠡᠯᠡᠬᠦ ᠪᠣᠳᠠᠲᠤ ᠠᠵᠢᠯᠯᠠᠭ᠎ᠠ ᠪᠠᠷ ᠢᠶᠠᠨ ᠪᠦᠬᠦ ᠬᠤᠰᠢᠭᠤᠨ ᠤ ᠴᠢᠨᠠᠷ ᠰᠠᠶᠢᠲᠠᠢ ᠲᠠᠪᠠᠯᠳᠠᠳᠤ ᠮᠠᠶ᠋ᠢᠭ ᠤᠨ ᠬᠥᠭᠵᠢᠯᠲᠡ ᠳᠤ ᠰᠠᠶᠢᠨ ᠰᠠᠶᠢᠬᠠᠨ ᠬᠠᠤᠯᠢᠵᠢᠯ ᠤᠨ ᠪᠠᠲᠤᠯᠠᠭ᠎ᠠ ᠬᠠᠩᠭᠠᠵᠤ ᠂ ᠰᠢᠯᠢᠳᠡᠭ ᠬᠢᠷᠢ ᠪᠦᠲᠦᠮᠵᠢ ᠪᠠᠷ ᠢᠶᠠᠨ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠨ᠎ᠡ ᠭᠡᠵᠡᠢ᠃    ᠸᠠᠩ ᠵᠢᠶᠠ ᠪᠥᠸᠧ ᠦᠵᠡᠯ ᠰᠠᠨᠠᠭ᠎ᠠ ᠪᠠᠨ ᠨᠢᠭᠡᠳᠬᠡᠨ ᠨᠠᠶᠢᠳᠠᠪᠤᠷᠢᠵᠢᠭᠤᠯᠤᠯᠲᠠ ᠶᠢ ᠠᠳᠬᠤᠬᠤ᠂ ᠤᠳᠤᠷᠢᠳᠤᠮᠵᠢ ᠶᠢ ᠲᠤᠪᠤᠶᠢᠯᠭᠠᠨ ᠨᠠᠶᠢᠳᠠᠪᠤᠷᠢᠵᠢᠭᠤᠯᠤᠯᠲᠠ ᠶᠢ ᠠᠳᠬᠤᠬᠤ᠂ ᠨᠢᠭᠡᠳᠦᠯᠲᠡᠢ ᠲᠥᠯᠥᠪᠵᠢᠭᠦᠯᠦᠨ ᠨᠡᠶᠢᠳᠡ ᠳᠤᠨᠢ ᠬᠠᠷᠠᠭᠠᠯᠵᠠᠵᠤ ᠨᠠᠶᠢᠳᠠᠪᠤᠷᠢᠵᠢᠭᠤᠯᠤᠯᠲᠠ ᠶᠢ ᠠᠳᠬᠤᠬᠤ ᠵᠡᠷᠭᠡ ᠲᠠᠯ᠎ᠠ ᠪᠠᠷ ᠲᠤᠰ ᠤᠳᠠᠭ᠎ᠠ ᠶᠢᠨ ᠬᠤᠷᠠᠯ ᠤᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ᠂ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠠᠵᠢᠯ ᠢ ᠬᠦᠴᠦᠲᠡᠢ ᠪᠥᠭᠡᠳ ᠡᠮᠬᠢ ᠵᠢᠷᠤᠮ ᠲᠠᠢ ᠥᠷᠨᠢᠭᠦᠯᠬᠦ ᠲᠤᠬᠠᠢ ᠪᠣᠳᠠᠲᠠᠢ ᠱᠠᠭᠠᠷᠳᠠᠯᠭ᠎ᠠ ᠳᠤᠷᠠᠳᠴᠠᠢ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号