ᠴᠠᠬᠢᠯᠭᠠᠨ ᠱᠠᠳᠤ ᠶᠢᠨ ᠡ᠊ᠨᠳᠡᠯ ᠢ ᠦᠢᠯᠡᠭᠠᠵᠤ ᠮᠡᠳᠡᠭᠡᠷᠡᠢ
ᠨᠡᠶᠢᠲᠡᠯᠡᠭᠰᠡᠨ ᠴᠠᠭ᠄
2021/5/11
   ᠴᠠᠬᠢᠯᠭᠠᠨ ᠱᠠᠳᠤ ᠪᠤᠯ ᠥᠨᠳᠥᠷ ᠲᠠᠪᠬᠤᠷᠭᠠᠳᠤ ᠪᠠᠷᠢᠯᠭ᠎ᠠ ᠶᠢᠨ ᠴᠢᠬᠤᠯᠠ ᠠᠴᠢᠶᠠᠯᠠᠪᠤᠷᠢ ᠶᠢᠨ ᠪᠠᠭᠠᠵᠢ ᠮᠥᠨ᠂ ᠭᠡᠷᠪᠡ ᠡ᠊ᠨᠳᠡᠯ ᠡᠬᠦᠰᠬᠦ ᠳᠤ ᠬᠥᠷᠪᠡᠯ᠂ ᠬᠥᠮᠥᠨ ᠬᠤᠷᠢᠭᠳᠠᠬᠤ᠂ ᠤᠨᠠᠵᠤ ᠤᠢᠢᠴᠢᠬᠤ ᠲᠤᠯᠠ ᠬᠥᠮᠥᠰ ᠠᠶᠤᠯᠭᠠᠨ ᠰᠠᠨᠳᠤᠷᠬᠤ᠂ ᠴᠢᠨᠠᠭᠰᠢᠯᠠᠪᠠᠯ ᠠᠶᠤᠯᠳᠠᠢ ᠡ᠊ᠨᠳᠡᠯ ᠭᠠᠷᠬᠤ ᠪᠤᠯᠤᠨ᠎ᠠ᠃    ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ    ● ᠴᠠᠬᠢᠯᠭᠠᠨ ᠱᠠᠳᠤ ᠶᠢᠨ ᠬᠤᠷᠳᠤᠴᠠ ᠨᠢ ᠭᠡᠪ ᠤᠨ ᠪᠤᠰᠤ ᠪᠠᠶᠢᠪᠠᠯ᠂ ᠪᠡᠶ᠎ᠡ ᠪᠠᠨ ᠪᠥᠬᠦ᠋ᠢᠨ ᠬᠤᠶᠠᠷ ᠬᠥᠯ ᠢᠶᠠᠨ ᠲᠡᠬᠭᠴᠡᠬᠦᠷᠢ ᠲᠠᠢ ᠪᠠᠶᠢᠯᠭᠠᠬᠤ᠂ ᠭᠠᠷᠴᠤ ᠮᠡᠳᠡᠬᠦ ᠶᠢ ᠠᠷᠭᠠᠴᠠᠬᠤ ᠭᠡᠷᠡᠭᠳᠡᠢ᠃    ● ᠭᠡᠷᠪᠡ ᠴᠠᠬᠢᠯᠭᠠᠨ ᠱᠠᠳᠤᠨ ᠲᠤᠳᠤᠷ᠎ᠠ ᠬᠤᠷᠢᠭᠳᠠᠪᠠᠯ᠂ ᠲᠡᠷᠡ ᠲᠤᠤᠷ᠎ᠠ ᠨᠢ ᠴᠠᠬᠢᠯᠭᠠᠨ ᠱᠠᠳᠤᠨ ᠲᠤᠳᠤᠷᠠᠬᠢ ᠰᠡᠷᠡᠮᠵᠢ ᠶᠢᠨ ᠬᠤᠨᠭ᠍ᠬᠤ᠂ ᠶᠠᠷᠢᠯᠴᠠᠬᠤ ᠮᠠᠰᠢᠨ ᠪᠠ ᠳ᠋ᠢᠶᠠᠩᠬᠤᠸᠠ ᠪᠠᠷ ᠬᠠᠮᠢᠶᠠᠷᠬᠤ ᠬᠥᠮᠥᠨ ᠲᠠᠢ ᠬᠠᠷᠢᠯᠴᠠᠵᠤ᠂ ᠭᠠᠳᠠᠨ᠎ᠠ ᠠᠴᠠ ᠠᠪᠤᠷᠠᠨ ᠲᠤᠰᠠᠯᠠᠬᠤ ᠶᠢ ᠬᠥᠯᠢᠶᠡᠬᠦ ᠭᠡᠷᠡᠭᠳᠡᠢ᠃ ᠭᠡᠷᠪᠡ ᠰᠡᠷᠡᠮᠵᠢ ᠶᠢᠨ ᠬᠤᠨᠭ᠍ᠬᠤ ᠨᠢ ᠲᠤᠰᠠ ᠥᠭᠡᠢ ᠪᠤᠯ ᠶᠡᠭᠡ ᠲᠠᠭᠤᠨ ᠢᠶᠠᠷ ᠬᠠᠰᠬᠢᠷᠬᠤ ᠪᠤᠶᠤ ᠴᠠᠬᠢᠯᠭᠠᠨ ᠱᠠᠳᠤᠨ ᠤ ᠡᠬᠦᠳᠡ ᠵᠠᠪᠰᠠᠷᠯᠠᠭᠤᠯᠤᠨ ᠠᠯᠠᠭᠠᠳᠠᠬᠤ ᠭᠡᠷᠡᠭᠳᠡᠢ᠃    ● ᠴᠠᠬᠢᠯᠭᠠᠨ ᠱᠠᠳᠤ ᠵᠤᠭᠰᠤᠬᠤ ᠥᠶᠡᠰ᠂ ᠴᠠᠬᠢᠯᠭᠠᠨ ᠱᠠᠳᠤ ᠭᠡᠨᠡᠳᠳᠡ ᠬᠥᠳᠡᠯᠬᠦ ᠶᠢ ᠰᠡᠷᠭᠡᠶᠢᠯᠡᠬᠦ ᠶᠢᠨ ᠲᠥᠯᠥᠭᠡ᠂ ᠪᠤᠯᠬᠤ ᠶᠢᠨ ᠲᠤᠳᠤᠷ᠎ᠠ ᠡᠬᠦᠳᠡ ᠶᠢ ᠨᠢ ᠨᠡᠭᠡᠭᠡᠨ ᠮᠥᠯᠬᠦᠵᠤ ᠭᠠᠷᠴᠤ ᠪᠤᠯᠬᠤ᠃    ● ᠴᠠᠬᠢᠯᠭᠠᠨ ᠱᠠᠳᠤ ᠠᠵᠢᠯᠯᠠᠭᠠᠨ ᠳᠠᠭᠠᠨ ᠪᠠᠶᠢᠬᠤ ᠳᠤᠨᠢ ᠤᠰᠤ ᠤᠷᠤᠪᠠᠯ ᠴᠠᠬᠢᠯᠭᠠᠨ ᠱᠠᠳᠤ ᠶᠢ ᠬᠠᠮᠤᠭ ᠲᠡᠭᠡᠷ᠎ᠡ ᠲᠠᠪᠬᠤᠷᠭ᠎ᠠ ᠳᠤ ᠬᠥᠷᠬᠡᠬᠦ ᠶᠢᠨ ᠬᠠᠮᠳᠤ ᠰᠡᠯᠪᠢᠨ ᠵᠠᠰᠠᠬᠤ ᠠᠵᠢᠯᠳᠠᠨ ᠳᠤ ᠮᠡᠳᠡᠭᠦᠯᠦᠨ᠎ᠡ᠃    ● ᠭᠡᠷᠪᠡ ᠠᠵᠢᠯᠯᠠᠭᠠᠨ ᠳᠠᠭᠠᠨ ᠪᠠᠶᠢᠭ᠎ᠠ ᠴᠠᠬᠢᠯᠭᠠᠨ ᠱᠠᠳᠤ ᠭᠠᠯ ᠨᠤᠴᠠᠪᠠᠯ᠂ ᠴᠠᠬᠢᠯᠭᠠᠨ ᠱᠠᠳᠤ ᠶᠢ ᠤᠢᠢᠷ᠎ᠠ ᠪᠠᠶᠢᠭ᠎ᠠ ᠲᠠᠪᠬᠤᠷᠭ᠎ᠠ ᠳᠤ ᠵᠤᠭᠰᠤᠭᠠᠬᠤ ᠶᠢᠨ ᠬᠠᠮᠳᠤ᠂ ᠠᠰᠠᠷ ᠤᠨ ᠱᠠᠳᠤ ᠪᠠᠷ ᠬᠤᠷᠳᠤᠨ ᠲᠤᠳᠠᠭᠠᠨ ᠵᠠᠶᠢᠯᠠᠬᠤ  ᠨᠢ ᠴᠢᠬᠤᠯᠨ᠃ ᠲᠤᠰᠬᠠᠢ ᠮᠡᠷᠭᠡᠵᠢᠯᠳᠡᠨ ᠤ ᠰᠠᠨᠠᠭᠤᠯᠤᠮᠵᠢ᠄    ◆ ᠭᠠᠵᠠᠷ ᠬᠥᠳᠡᠯᠥᠯᠳᠡ᠂ ᠭᠠᠯ ᠤᠨ ᠭᠠᠮᠰᠢᠭ᠂ ᠴᠠᠬᠢᠯᠭᠠᠨ ᠱᠠᠳᠤᠨ ᠳᠤ ᠤᠰᠤ ᠤᠷᠤᠬᠤ ᠵᠡᠷᠭᠡ ᠪᠠᠴᠢᠮ ᠪᠠᠶᠢᠳᠠᠯ ᠳᠤ᠂ ᠴᠠᠬᠢᠯᠭᠠᠨ ᠱᠠᠳᠤ ᠭᠡᠷᠡᠭᠯᠡᠬᠦ ᠶᠢ ᠡᠷᠡᠰ ᠴᠠᠭᠠᠵᠠᠯᠠᠵᠤ᠂ ᠭᠠᠯ ᠤᠨᠳᠠᠷᠠᠭᠠᠬᠤ ᠨᠡᠪᠳᠡᠷᠡᠯᠭᠡ ᠶᠢᠨ ᠵᠠᠮ ᠪᠤᠶᠤ ᠠᠰᠠᠷ ᠤᠨ ᠱᠠᠳᠤ ᠪᠠᠷ ᠶᠠᠪᠤᠬᠤ ᠭᠡᠷᠡᠭᠳᠡᠢ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号