● ᠰᠤᠷᠪᠤᠯᠵᠢᠯᠠᠬᠴᠢ ᡁᠢ ᠮᠢᠨ ᠳᠤᠳᠢ ᠴᠢᠮᠡᠭᠡᠯᠡᠭᠴᠢ ᠸᠠᠩ ᠱᠤ᠋ | ᠡᠯᠪᠡᠭ ᠬᠤᠷᠢᠶᠠᠯᠳᠠ ᠶᠢᠨ ᠢᠷᠠᠭᠤ ᠳᠠᠭᠤᠨ ᠬᠠᠩᠭᠢᠨᠠᠬᠰᠠᠨ 10 ᠰᠠᠷ᠎ᠠ ᠶᠢᠨ ᠰᠡᠬᠦᠯᠴᠢ ᠪᠠᠷ᠂ ᠮᠠᠨ ᠤ | ᠰᠤᠷᠪᠤᠯᠵᠢᠯᠠᠭ᠎ᠠ ᠶᠢᠨ ᠳᠤᠭᠤᠢᠢᠯᠠᠩ ᠤᠨ ᠬᠢᠨ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ︽ᠤᠢ ᠵᠢᠮᠢᠰ | ᠹᠧᠨᠲ᠋ᠢᠶᠤᠤᠷ ᠤᠨ ᠨᠤᠳᠤᠬ︾ ᠭᠡᠵᠦ ᠬᠤᠯᠠ ᠤᠢᠢᠷ᠎ᠠ ᠳᠤ ᠪᠠᠨ ᠠᠯᠳᠠᠷᠰᠢᠬᠰᠠᠨ ᠨᠡᠳᠦᠭᠡᠷ ᠪᠠᠯᠭᠠᠰᠦᠨ ᠳᠤ | ᠰᠤᠷᠪᠤᠯᠵᠢᠯᠠᠭ᠎ᠠ ᠬᠢᠯ᠎ᠠ᠃ ᠮᠠᠰᠢᠨ ᠳᠡᠷᠭᠡ ᠬᠦᠳᠡᠭᠡ ᠶᠢᠨ ᠰᠢᠷᠭᠠᠯ ᠵᠠᠮ ᠢᠶᠠᠷ ᠳᠠᠪᠬᠢᠵᠦ᠂ ᠰᠢᠰᠢ ᠶᠢ ᠲᠦᠭᠦᠷᠳᠡᠯ᠎ᠠ | ᠳᠡᠬᠦᠭᠰᠡᠨ ᠠᠴᠢᠶᠠᠨ ᠮᠠᠰᠢᠨ ᠲᠠᠢ ᠪᠠᠶᠢᠨ ᠳᠠᠬᠢᠨ ᠳᠠᠭᠠᠷᠠᠯᠳᠤᠨᠠ᠃ ︽ᠳᠠᠨᠤᠰ ᠹᠧᠨᠲ᠋ᠢᠶᠤᠤᠷ ᠢᠶᠠᠷ ᠬᠢᠭᠰᠡᠨ ᠪᠠᠩᠰᠢ᠂ | ᠱᠠᠯᠪᠢᠡᠭ ᠢᠳᠡᠵᠦ ᠦᠡᠭᠭᠡᠷᠡᠭᠰᠡᠨ ᠤᠤ︖︾ ᠭᠡᠬᠦ ᠵᠠᠮ ᠳᠠᠭᠠᠭᠤᠯᠤᠬᠴᠢ ᠶᠢᠨ ᠶᠠᠷᠢᠯᠴᠠᠭᠠᠨ ᠤ ᠰᠡᠳᠦᠪ ᠨᠢ ᠳᠡᠷᠭᠡᠨ | ᠳᠤᠳᠤᠷᠠᠬᠢ ᠨᠠᠮ ᠵᠢᠮ ᠪᠠᠶᠢᠳᠡᠯ ᠢ ᠡᠪᠳᠡᠵᠦ᠂ ᠹᠧᠨᠲ᠋ᠢᠶᠤᠤᠷ ᠢᠶᠠᠷ ᠬᠢᠭᠰᠡᠨ ᠠᠮᠳᠠᠳᠤ ᠢᠳᠡᠭᠡᠨ ᠤ ᠳᠤᠬᠠᠢ ᠵᠤᠭᠤᠬ | ᠳᠡᠯᠭᠡᠭᠳᠡᠨ᠂ ᠤᠯᠠᠨ ᠤ ᠭᠡᠳᠡᠰᠤᠨ ᠤ ᠬᠤᠷᠤᠬᠠᠢ ᠶᠢ ᠬᠦᠳᠡᠯᠭᠡᠨᠠ᠃ ᠮᠠᠨᠤᠰ ᠶᠠᠬ ᠹᠧᠨᠲ᠋ᠢᠶᠤᠤᠷ ᠢᠶᠠᠷ ᠬᠢᠭᠰᠡᠨ | ᠠᠮᠳᠠᠳᠤ ᠢᠳᠡᠭᠡᠨ ᠳᠤ ᠰᠢᠯᠦᠰᠦ ᠪᠠᠨ ᠬᠤᠷᠠᠭᠤᠯᠵᠤ ᠶᠠᠪᠤᠳᠠᠯ᠎ᠠ ︽ᠲᠢᠶᠠᠨ ᠵᠢᠶᠠ ᠹᠧᠨᠲ᠋ᠢᠶᠤᠤᠷ ᠤᠨ ᠦᠢᠯᠡᠰ ᠤᠨ | ᠳᠤᠰᠬᠠᠢ ᠬᠤᠷᠰᠢᠶᠠᠵᠢᠯ︾ ᠭᠡᠬᠦ ᠳᠤᠮᠤ ᠫᠠᠶᠢᠰᠠ ᠬᠠᠷᠠᠬᠳᠠᠨ ᠵᠤᠷᠢᠬᠰᠠᠨ ᠭᠠᠵᠠᠷ ᠲᠤ ᠪᠠᠨ ᠬᠦᠷᠦᠭᠰᠡᠨ ᠢ | ᠮᠡᠳᠡᠭᠦᠯᠦᠨ᠎ᠠ᠃ | ︽ᠳᠠᠨᠤᠰ ᠤᠷᠢᠳ ᠢᠶᠠᠷ ᠮᠠᠨ ᠤ ᠹᠧᠨᠲ᠋ᠢᠶᠤᠤᠷ ᠤᠨ ᠦᠢᠯᠡᠳᠪᠦᠷᠢᠯᠡᠯ ᠤᠨ ᠳᠠᠰᠤᠬ ᠢᠶᠠᠷ ᠳᠤᠭᠤᠷᠢᠨ ᠦᠵᠡᠭᠡᠷᠡᠢ | ︾ ᠭᠡᠵᠦ ᠲᠢᠶᠠᠨ ᠵᠢᠶᠠ ᠹᠧᠨᠲ᠋ᠢᠶᠤᠤᠷ ᠤᠨ ᠦᠢᠯᠡᠰ ᠤᠨ ᠪᠤᠷᠤᠯᠠᠭᠤᠯᠭ᠎ᠠ ᠶᠢᠨ ᠭᠡᠯᠳᠡᠰ ᠤᠨ ᠳᠠᠭᠠᠭᠠᠮᠠᠯ ᠮᠠᠨᠤᠰ ᠢ | ᠤᠬᠳᠤᠨ ᠠᠪᠴᠦ ᠦᠢᠯᠡᠳᠪᠦᠷᠢᠯᠡᠯ ᠤᠨ ᠳᠠᠰᠤᠬ ᠵᠦᠭ ᠢᠶᠠᠨ ᠳᠠᠭᠠᠭᠤᠯᠤᠯᠠ᠃ ︽ᠲᠢᠶᠠᠨ ᠵᠢᠶᠠ ᠹᠧᠨᠲ᠋ᠢᠶᠤᠤᠷ ᠤᠨ | ᠦᠢᠯᠡᠰ ᠤᠨ ᠳᠤᠰᠬᠠᠢ ᠬᠤᠷᠰᠢᠶᠠᠵᠢᠯ︾ ᠨᠢ 2010 ᠤᠨ ᠳᠤ ᠪᠠᠶᠢᠭᠤᠯᠤᠬᠳᠠᠵᠦ᠂ ᠤᠳᠦ 1.88 ᠲᠦᠮᠡᠨ | ᠲᠡᠭᠰᠢ ᠳᠥᠷᠪᠡᠯᠵᠢᠨ ᠮᠧᠲᠷ ᠳᠠᠯᠠᠪᠠᠢ ᠡᠵᠡᠯᠡᠵᠦ᠂ ᠪᠠᠷᠢᠯᠭ᠎ᠠ ᠶᠢᠨ ᠲᠠᠯᠠᠪᠠᠢ ᠨᠢ 2700 ᠲᠡᠭᠰᠢ ᠳᠥᠷᠪᠡᠯᠵᠢᠨ ᠮᠧᠲᠷ | ᠂ ᠬᠥᠯᠳᠡᠭᠡᠬᠦ ᠬᠥᠮᠥᠷᠭᠡ᠂ ᠲᠥᠮᠥᠰᠥ ᠨᠡᠮᠡᠬᠦ ᠮᠠᠰᠢᠨ᠂ ᠲᠥᠮᠥᠰᠥ ᠤᠬᠢᠶᠠᠬᠤ ᠮᠠᠰᠢᠨ᠂ ᠹᠧᠨᠲ᠋ᠢᠶᠤᠤᠷ ᠦᠢᠯᠡᠳᠬᠦ ᠪᠠ | ᠵᠢᠭᠤᠷᠠᠬᠤ ᠮᠠᠰᠢᠨ ᠵᠡᠷᠭᠡ ᠢᠵᠢ ᠪᠦᠷᠢᠳᠦᠭᠰᠡᠨ ᠲᠥᠬᠦᠭᠡᠷᠦᠮᠵᠢ ᠲᠠᠢ ᠪᠦᠭᠡᠳ ᠦᠢᠯᠡᠳᠪᠦᠷᠢᠯᠡᠬᠦ᠂ ᠬᠠᠩᠭᠠᠬᠤ᠂ | ᠪᠣᠷᠣᠯᠠᠭᠤᠯᠬᠤ ᠶᠢ ᠨᠢᠭᠡ ᠴᠤᠭᠴᠠᠵᠢᠭᠤᠯᠤᠭᠰᠠᠨ ᠳᠤᠰᠬᠠᠢ ᠬᠤᠷᠰᠢᠶᠠᠵᠢᠯ ᠪᠤᠯᠤᠨ᠎ᠠ᠃ ᠳᠡᠷᠡ ᠨᠢ 2013 ᠤᠨ ᠳᠤ | ᠤᠯᠤᠰ ᠤᠨ ᠤᠷᠭᠠᠨᠢᠬ ᠢᠳᠡᠭᠡᠨ ᠢᠶᠠᠷ ᠬᠡᠷᠡᠴᠢᠯᠡᠭᠳᠡᠭᠰᠡᠨ ᠮᠦᠷᠳᠡᠭᠡᠨ ᠤᠯᠤᠰ ᠤᠨ ᠦᠢᠯᠡᠳᠪᠦᠷᠢ ᠬᠤᠳᠠᠯᠳᠤᠭᠠᠨ ᠤ | ᠳᠤᠪᠴᠢᠶᠠᠨ ᠳᠤ ︽ᠹᠦ᠋ ᠵᠢᠶᠠ ᠲᠢᠶᠠᠨ ᠰᠢᠶᠠ︾ ᠪᠤᠯᠤᠨ ︽ᠨᠡᠳᠦᠭᠡᠷ ᠹᠧᠨᠲ᠋ᠢᠶᠤᠤᠷ︾ ᠭᠡᠬᠦ ᠳᠠᠸᠠᠷ ᠤᠨ ᠲᠡᠮᠳᠡᠭ ᠢ | ᠳᠠᠩᠰᠠᠯᠠᠵᠠᠢ᠃ | ᠳᠤᠰ ᠬᠤᠷᠰᠢᠶ᠎ᠠ ᠨᠡᠳᠦᠭᠡᠷ ᠪᠠᠯᠭᠠᠰᠤᠨ ᠤ ︽ᠹᠧᠨᠲ᠋ᠢᠶᠤᠤᠷ ᠤᠨ ᠨᠤᠲᠤᠭ︾ ᠤᠨ ᠭᠠᠵᠠᠷ ᠣᠷᠣᠨ ᠤ ᠳᠠᠪᠠᠭᠤᠯᠢᠭ | ᠲᠠᠯ᠎ᠠ ᠶᠢ ᠠᠰᠢᠭᠯᠠᠵᠤ᠂ ︽ᠬᠤᠷᠰᠢᠶᠠᠵᠢᠯ + ᠰᠠᠭᠤᠷᠢᠨ ᠭᠠᠵᠠᠷ + ᠲᠠᠷᠢᠶᠠᠯᠠᠩ ᠤᠨ ᠪᠦᠲᠦᠭᠡᠭᠳᠡᠬᠦᠨ ᠢ | ᠡᠳ᠋ᠰᠢᠭᠦᠯᠤᠨ ᠪᠤᠯᠪᠠᠰᠤᠷᠠᠭᠤᠯᠬᠤ + ᠲᠠᠷᠢᠶᠠᠴᠢᠨ ᠡᠷᠦᠬᠡ︾ ᠶᠢᠨ ᠦᠶ᠋ᠯᠡᠴᠢᠯᠡᠭᠡᠨ ᠤ ᠵᠠᠭᠪᠤᠷ ᠢᠶᠠᠷ 4000 ᠮᠥ | ᠲᠥᠮᠥᠰᠥ ᠲᠠᠷᠢᠬᠤ ᠰᠠᠭᠤᠷᠢᠨ ᠭᠠᠵᠠᠷ ᠂ ᠵᠢᠯ ᠳᠤ 1000 ᠲᠦᠮᠡᠨ ᠵᠢᠩ ᠲᠥᠮᠥᠰᠥ ᠪᠣᠯᠪᠠᠰᠤᠷᠠᠭᠤᠯᠬᠤ ᠰᠠᠭᠤᠷᠢᠨ | ᠭᠠᠵᠠᠷ ᠵᠡᠷᠭᠡ ᠶᠢ ᠪᠠᠶᠢᠭᠤᠯᠵᠠᠢ᠃ ᠲᠥᠮᠥᠰᠥ ᠲᠠᠷᠢᠬᠤ᠂ ᠹᠧᠨᠲ᠋ᠢᠶᠤᠤᠷ ᠦᠢᠯᠡᠳᠬᠦ᠂ ᠹᠧᠨᠲ᠋ᠢᠶᠤᠤᠷ ᠤᠨ ᠵᠠᠬ᠎ᠠ | ᠳᠡᠯᠭᠡᠭᠦᠷ ᠤᠨ ᠡᠵᠡᠩᠨᠡᠨ ᠪᠣᠷᠣᠯᠠᠭᠤᠯᠬᠤ ᠲᠠᠯ᠎ᠠ ᠪᠠᠷ ︽ᠨᠢᠭᠡᠳᠦᠯᠲᠡᠢ ᠳᠠᠷᠢᠬᠤ᠂ ᠨᠢᠭᠡᠳᠦᠯᠲᠡᠶ ᠬᠠᠮᠢᠶᠠᠷᠬᠤ᠂ | ᠨᠢᠭᠡᠳᠦᠯᠲᠡᠶ ᠡᠳ᠋ᠰᠢᠭᠦᠯᠤᠨ ᠪᠤᠯᠪᠠᠰᠤᠷᠠᠭᠤᠯᠬᠤ᠂ ᠨᠢᠭᠡᠳᠦᠯᠲᠡᠶ ᠪᠣᠭᠤᠳᠠᠯᠯᠠᠬᠤ᠂ ᠨᠢᠭᠡᠳᠦᠯᠲᠡᠶ ᠪᠣᠷᠣᠯᠠᠭᠤᠯᠬᠤ︾ ᠶᠢ | ᠨᠢᠭᠡ ᠴᠤᠬᠴᠠᠵᠢᠭᠤᠯᠤᠬᠰᠠᠨ ᠬᠦᠭᠵᠢᠯᠳᠠ ᠶᠢᠨ ᠠᠷᠭ᠎ᠠ ᠮᠠᠶ᠋ᠢᠬ ᠢ ᠭᠡᠷᠡᠭᠵᠢᠬᠦᠯᠵᠦ᠂ ᠰᠠᠭᠤᠷᠢᠨ ᠭᠠᠵᠠᠷ ᠨᠢ 2010 | ᠣᠨ ᠳᠤ 500 ᠮᠦ ᠪᠠᠶᠢᠭᠰᠠᠨ ᠠᠴᠠ ᠪᠠᠨ 2020 ᠤᠨ ᠪᠣᠯᠬᠤ ᠳᠤ 5000 ᠮᠦ ᠪᠣᠯᠵᠤ᠂ 2010 ᠣᠨ ᠳᠤ | 7 ᠭᠡᠰᠢᠭᠦᠨ ᠪᠠᠶᠢᠭᠰᠠᠨ ᠠᠴᠠ ᠪᠠᠨ 2020 ᠤᠨ ᠪᠣᠯᠬᠤ ᠳᠤ 62 ᠭᠡᠰᠢᠭᠦᠨ ᠲᠠᠢ ᠪᠤᠯᠵᠦ᠂ 160 ᠭᠠᠷᠤᠢ | ᠲᠠᠷᠢᠶᠠᠴᠢᠨ ᠡᠷᠦᠬᠡ ᠶᠢ ᠰᠢᠭᠤᠳ ᠬᠦᠳᠤᠯᠤᠨ ᠳᠠᠶᠢᠴᠢᠯᠡᠵᠤ᠂ ᠤᠢᠢᠷ᠎ᠠ ᠤᠷᠴᠢᠮ ᠤᠨ ᠠᠶᠢᠯ ᠳᠤᠰᠬᠤᠨ ᠤ 300 | ᠭᠠᠷᠤᠢ ᠳᠠᠷᠢᠶᠠᠴᠢᠨ ᠡᠷᠦᠭᠡ ᠳᠤ ᠠᠰᠢᠬ ᠬᠦᠷᠳᠡᠭᠡᠵᠤ ᠪᠤᠢ᠃ | ᠠᠭᠤᠷ ᠤᠳᠤᠭ᠎ᠠ ᠪᠠᠭᠠᠬᠢᠭᠰᠠᠨ ᠦᠢᠯᠡᠳᠪᠦᠷᠢᠯᠡᠯ ᠤᠨ ᠳᠠᠰᠤᠬ ᠲᠤ ᠠᠵᠢᠯᠴᠢᠳ ᠶᠠᠭᠠᠷᠠᠯᠳᠠᠢ ᠠᠵᠢᠯᠯᠠᠵᠤ᠂ | ᠵᠠᠷᠢᠮ ᠨᠢ ᠴᠠᠷᠳᠠᠭᠤᠯᠢᠬ ᠨᠤᠨᠳᠠᠬ ᠢ ᠵᠢᠭᠤᠷᠠᠵᠦ᠂ ᠵᠠᠷᠢᠮ ᠨᠢ ᠨᠤᠨᠳᠠᠬ ᠢᠶᠠᠨ ᠮᠠᠰᠢᠨ ᠳᠤ ᠤᠷᠤᠭᠤᠯᠵᠦ᠂ ᠵᠠᠷᠢᠮ ᠨᠢ | ᠪᠦᠳᠦᠭᠡᠭᠳᠡᠬᠦᠨ ᠢᠶᠠᠨ ᠬᠦᠯᠳᠡᠭᠡᠨ ᠬᠠᠳᠠᠭᠠᠯᠠᠵᠦ᠂ ᠦᠪᠡᠷ ᠦᠪᠡᠷ ᠤᠨ ᠳᠤᠬᠠᠢᠢᠯᠠᠬᠰᠠᠨ ᠠᠵᠢᠯ ᠳᠤ ᠪᠠᠨ | ᠶᠠᠭᠠᠷᠠᠯᠳᠤᠨ᠎ᠠ᠃ ᠲᠢᠶᠠᠨ ᠵᠢᠶᠠ ᠹᠧᠨᠲ᠋ᠢᠶᠤᠤᠷ ᠤᠨ ᠦᠢᠯᠡᠰ ᠤᠨ ᠪᠤᠷᠤᠯᠠᠭᠤᠯᠭ᠎ᠠ ᠶᠢᠨ ᠭᠡᠯᠳᠡᠰ ᠤᠨ ᠳᠠᠭᠠᠭᠠᠮᠠᠯ ᠯᠢ | ᠬᠤᠢ ᠶᠢᠨ ᠳᠠᠨᠢᠯᠴᠠᠭᠤᠯᠤᠭᠰᠠᠨ ᠢᠶᠠᠷ᠂ ᠳᠤᠰ ᠬᠤᠷᠰᠢᠶᠠᠵᠢᠯ ᠤᠳᠤᠬᠠᠨ ᠳᠤ ᠨᠡᠶᠢᠳᠡ 15 ᠠᠵᠢᠯᠳᠡᠨ ᠲᠠᠢ᠂ | ᠡᠬᠦᠨ ᠳᠤ ᠶᠠᠳᠠᠭᠤ ᠬᠦᠴᠢᠷᠳᠠᠯ ᠲᠠᠢ ᠠᠷᠠᠳ ᠢ ᠳᠡᠳᠬᠦᠨ ᠳᠠᠮᠵᠢᠬᠦ ᠡᠬᠦᠳᠠᠨ ᠠᠴᠠ 2 ᠳᠠᠩᠰᠠᠯᠠᠵᠦ ᠺᠠᠷᠲᠯᠠᠬᠰᠠᠨ | ᠶᠠᠳᠠᠭᠤ ᠬᠦᠴᠢᠷᠳᠡᠯ ᠲᠠᠢ ᠠᠷᠠᠳ ᠲᠤ ᠠᠵᠢᠯ ᠤᠨ ᠪᠠᠶᠢᠷᠢ ᠬᠠᠨᠭ᠍ᠭᠠᠬᠰᠠᠨ ᠮᠦᠷᠳᠡᠭᠡᠨ ᠵᠢᠯ ᠳᠤᠷᠰᠢ ᠰᠤᠯᠠ ᠠᠵᠢᠯ ᠤᠨ | ᠪᠠᠶᠢᠷᠢ ᠭᠠᠷᠭᠠᠨ ᠳᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠵᠦ ᠪᠠᠶᠢᠨ᠎ᠠ᠃ | ᠹᠧᠨᠲ᠋ᠢᠶᠤᠤᠷ ᠤᠨ ᠮᠠᠰᠢᠨ ᠤ ᠵᠠᠬ᠎ᠠ ᠳᠤ ᠶᠠᠭᠠᠷᠠᠯᠳᠠᠶᠢᠬᠠᠨ ᠠᠵᠢᠯᠯᠠᠵᠦ ᠪᠠᠶᠢᠭᠰᠠᠨ ᠵᠤᠤ ᠴᠸᠡᠭ ᡁᠢ ᠪᠤᠯ ᠳᠠᠷᠤᠢ | ᠳᠠᠩᠰᠠᠯᠠᠵᠦ ᠺᠠᠷᠲᠯᠠᠬᠰᠠᠨ ᠶᠠᠳᠠᠭᠤ ᠬᠦᠴᠢᠷᠳᠠᠯ ᠲᠠᠢ ᠡᠷᠦᠭᠡ ᠶᠢᠨ ᠠᠷᠠᠳ ᠪᠤᠯᠤᠨ᠎ᠠ᠃ ᠳᠡᠷᠡ ᠬᠤᠷᠰᠢᠶᠠᠵᠢᠯ ᠤᠨ | ᠳᠠᠭᠠᠭᠠᠮᠠᠯ ᠤᠨ ᠠᠵᠢᠯᠴᠢᠨ ᠭᠡᠷᠡᠭᠯᠡᠬᠦ ᠴᠢᠮᠡᠭᠡ ᠶᠢ ᠤᠯᠤᠮᠠᠬᠴᠠ ᠡᠷ᠎ᠠ ᠡᠮ᠎ᠠ ᠬᠤᠶᠠᠭᠤᠯᠠ ᠪᠠᠨ ᠬᠦᠷᠴᠦ ᠢᠷᠡᠨ ᠠᠵᠢᠯ | ᠬᠢᠪᠡ᠃ ᠵᠤᠤ ᠴᠸᠡᠭ ᡁᠢ ᠶᠢᠨ ᠬᠢᠨ ᠠᠮᠠᠨ ᠳᠤᠭ᠎ᠠ ᠠᠷᠪᠢᠨ᠂ ᠳᠠᠷᠢᠶᠠᠨ ᠭᠠᠵᠠᠷ ᠪᠠᠭ᠎ᠠ᠂ ᠬᠦᠳᠡᠯᠮᠦᠷᠢ ᠬᠦᠴᠦ | ᠳᠤᠳᠠᠮᠠᠬ᠂ ᠡᠵᠢ ᠠᠪᠤ ᠨᠢ ᠪᠠᠰᠠ ᠡᠪᠡᠳᠴᠢᠨ ᠲᠠᠢ᠂ ᠵᠢᠯ ᠳᠤ ᠪᠠᠨ ᠡᠮ ᠳᠠᠩ ᠳᠠᠰᠤᠷᠠᠳᠠᠬ ᠦᠭᠡᠢ᠂ ᠡᠶᠢᠮᠦ ᠠᠴᠠ | ᠳᠡᠷᠡ ᠬᠤᠯᠠ ᠶᠠᠪᠤᠵᠦ ᠬᠦᠯᠤᠰᠤᠨ ᠠᠵᠢᠯ ᠬᠢᠵᠦ ᠳᠠᠶᠢᠯᠬᠦ ᠦᠭᠡᠢ᠂ ᠵᠦᠪᠭᠡᠨ ᠬᠠᠵᠠᠭᠤ ᠬᠠᠪᠢ ᠪᠠᠷ ᠰᠤᠯᠠ ᠠᠵᠢᠯ | ᠡᠷᠢᠨ ᠬᠢᠵᠦ᠂ ᠠᠵᠢᠯ ᠤᠨ ᠵᠠᠪ ᠴᠢᠯᠦᠭᠡ ᠪᠠᠷ ᠢᠶᠠᠨ ᠡᠵᠢ ᠠᠪᠤ ᠪᠠ ᠭᠡᠷ ᠭᠠᠳᠠᠨᠠᠬᠢ ᠪᠠᠨ ᠦᠵᠡᠨ ᠬᠠᠷᠠᠭᠠᠯᠵᠠᠳᠠᠬ᠃ | ᠭᠡᠷ ᠤᠨ ᠬᠢᠨ ᠤ ᠪᠠᠶᠢᠳᠡᠯ ᠢ ᠤᠢᠢᠯᠠᠭᠠᠬᠰᠠᠨ ᠯᠢ ᠬᠤᠢ ᠳᠡᠬᠦᠨ ᠳᠤ ︽ᠰᠠᠭᠠᠳ ᠦᠭᠡᠢ ᠨᠡᠪᠳᠡᠷᠡᠬᠦ ᠵᠠᠮ︾ ᠨᠡᠭᠡᠭᠡᠵᠦ | ᠦᠭᠬᠦᠨ᠂ ᠠᠵᠢᠯ ᠪᠠᠶᠢᠬᠰᠠᠭᠠᠷ ᠤᠷᠢᠳᠡᠪᠡᠷ ᠵᠤᠤ ᠴᠸᠡᠭ ᡁᠢ ᠡᠷ᠎ᠠ ᠡᠮ᠎ᠠ ᠬᠤᠶᠠᠭᠤᠯᠠ ᠳᠤ ᠴᠢᠮᠡᠭᠡ ᠦᠭᠬᠦ᠂ ᠴᠠᠯᠢᠩ | ᠤᠯᠭᠤᠮᠵᠢ ᠶᠢ ᠨᠢ ᠦᠨᠳᠦᠷ ᠦᠭᠬᠦ᠂ ᠵᠤᠭᠤᠰ ᠵᠤᠭ᠎ᠠ ᠶᠢᠨ ᠵᠠᠷᠤᠳᠠᠯ ᠲᠠᠢ ᠦᠶᠡᠰ ᠴᠠᠯᠢᠩ ᠢ ᠨᠢ ᠤᠷᠢᠳᠴᠢᠯᠡᠨ | ᠦᠭᠬᠦ ᠵᠡᠷᠭᠡ ᠪᠠᠷ ᠬᠠᠪᠰᠤᠷᠤᠨ ᠳᠡᠳᠬᠦᠨ᠎ᠠ᠃ ︽ᠮᠠᠨ ᠤ ᠬᠢᠨ ᠬᠦᠳᠡᠯᠮᠦᠷᠢ ᠬᠦᠴᠦ ᠳᠤᠳᠠᠮᠠᠬ ᠠᠴᠠ ᠳᠠᠷᠢᠶ᠎ᠠ ᠪᠠᠨ | ᠪᠤᠰᠤᠳ ᠲᠤ ᠲᠦᠷᠢᠶᠡᠰᠦᠯᠡᠨ ᠦᠭᠴᠦ᠂ ᠪᠠᠷᠢᠯᠭ᠎ᠠ ᠶᠢᠨ ᠭᠠᠵᠠᠷ ᠪᠤᠶᠤ ᠬᠤᠷᠰᠢᠶᠠᠵᠢᠯ ᠢᠶᠠᠷ ᠬᠦᠷᠴᠦ ᠬᠦᠯᠤᠰᠤᠨ | ᠠᠵᠢᠯ ᠬᠢᠵᠦ ᠪᠠᠶᠢᠵᠠᠢ᠃ ᠬᠤᠷᠰᠢᠶᠠᠵᠢᠯ ᠳᠤ ᠠᠵᠢᠯ ᠬᠢᠪᠡᠯ ᠨᠢᠭᠡ ᠳᠠᠯ᠎ᠠ ᠪᠠᠷ ᠭᠡᠷ ᠠᠴᠠ ᠪᠠᠨ ᠤᠢᠢᠷᠠᠬᠠᠨ᠂ | ᠡᠪᠡᠳᠴᠢᠨ ᠲᠠᠢ ᠠᠪᠤ ᠡᠵᠢ ᠪᠠᠨ ᠦᠵᠡᠵᠦ ᠬᠠᠷᠠᠭᠠᠯᠵᠠᠵᠦ ᠳᠡᠶᠢᠯᠤᠨ᠎ᠠ᠃ ᠨᠦᠬᠦᠭᠡ ᠳᠠᠯ᠎ᠠ ᠪᠠᠷ ᠬᠤᠷᠰᠢᠶᠠᠵᠢᠯ ᠠᠴᠠ | ᠮᠠᠨ ᠤ ᠶᠠᠳᠠᠭᠤ ᠬᠦᠴᠢᠷᠳᠠᠯ ᠲᠠᠢ ᠡᠷᠦᠭᠡ ᠶᠢ ᠲᠦᠢᠯ ᠢᠶᠠᠷ ᠬᠠᠷᠠᠭᠠᠯᠵᠠᠳᠠᠬ᠃ ᠡᠨᠡ ᠵᠢᠯ ᠮᠠᠨ ᠤ ᠬᠢᠨ ᠨᠡᠬᠦᠷᠡᠰᠦ ᠪᠠᠨ | ᠠᠪᠴᠦ ᠳᠡᠶᠢᠯᠬᠦ ᠦᠭᠡᠢ ᠪᠠᠴᠢᠮᠳᠠᠵᠦ ᠪᠠᠶᠢᠬᠤ ᠳᠤ ᠯᠢ ᠳᠠᠭᠠᠭᠠᠮᠠᠯ ᠮᠠᠨ ᠤ ᠬᠤᠶᠠᠷ ᠰᠠᠷ᠎ᠠ ᠶᠢᠨ ᠴᠠᠯᠢᠩ ᠢ | ᠤᠷᠢᠳᠴᠢᠯᠡᠨ ᠦᠭᠴᠤ ᠬᠠᠪᠰᠤᠷᠤᠨ ᠳᠡᠮᠵᠢᠵᠠᠢ᠃ ᠡᠨᠡ ᠮᠡᠳᠦ ᠪᠠᠷ ᠵᠠᠷᠢᠮ ᠳᠤ ᠪᠠᠨ ᠠᠪᠤ ᠶᠢᠨ ᠡᠮ ᠢ ᠨᠢ ᠠᠪᠬᠤ | ᠵᠤᠭᠤᠰ ᠦᠭᠡᠢ ᠪᠤᠯᠪᠠᠯ ᠪᠠᠰᠠ ᠯᠢ ᠳᠠᠭᠠᠭᠠᠮᠠᠯ ᠢ ᠡᠷᠢᠵᠦ ᠬᠠᠪᠰᠤᠷᠤᠮᠵᠢ ᠭᠤᠶᠤᠴᠢᠯᠠᠳᠠᠬ ᠪᠠᠶᠢᠨ᠎ᠠ︾ ᠭᠡᠵᠦ ᠵᠤᠤ | ᠴᠸᠡᠭ ᡁᠢ ᠬᠤᠷᠰᠢᠶᠠᠵᠢᠯ ᠤᠨ ᠳᠤᠰᠠ ᠳᠡᠮᠵᠢᠯᠭᠡ ᠶᠢ ᠬᠦᠷᠳᠡᠭᠰᠡᠨ ᠳᠤ ᠪᠠᠨ ᠰᠡᠳᠬᠢᠯ ᠵᠢᠷᠦᠭᠡᠨ ᠠᠴᠠ ᠪᠠᠨ ᠪᠠᠶᠠᠷᠯᠠᠨ | ᠳᠠᠯᠠᠷᠬᠠᠨ᠎ᠠ᠃ | ᠲᠢᠶᠠᠨ ᠵᠢᠶᠠ ᠹᠧᠨᠲ᠋ᠢᠶᠤᠤᠷ ᠤᠨ ᠦᠢᠯᠡᠰ ᠤᠨ ᠳᠤᠰᠬᠠᠢ ᠬᠤᠷᠰᠢᠶᠠᠵᠢᠯ ︽ᠠᠷᠠᠳ ᠠᠴᠠ ᠡᠷᠬᠢᠯᠡᠬᠦ᠂ | ᠠᠷᠠᠳ ᠠᠴᠠ ᠬᠠᠮᠢᠶᠠᠷᠬᠤ᠂ ᠠᠷᠠᠳ ᠲᠤ ᠠᠰᠢᠭ ᠬᠦᠷᠲᠡᠭᠡᠬᠦ︾ ᠵᠠᠷᠴᠢᠮ ᠪᠠ ︽ᠦᠨᠡᠨᠴᠢ ᠢᠲᠡᠭᠡᠮᠵᠢᠲᠡᠶ ᠪᠠᠷ | ᠦᠨᠳᠦᠰᠦ ᠪᠣᠯᠭᠠᠬᠤ᠂ ︿ᠬᠤᠷᠰᠢᠶ᠎ᠠ + ᠰᠠᠭᠤᠷᠢᠨ ᠭᠠᠵᠠᠷ + ᠲᠠᠷᠢᠶᠠᠴᠢᠨ ᠡᠷᠦᠬᠡ﹀︾ ᠶᠢᠨ ᠬᠥᠭᠵᠢᠯᠲᠡ ᠶᠢᠨ | ᠭᠡᠪ ᠵᠠᠬᠪᠤᠷ ᠢ ᠪᠠᠷᠢᠮᠳᠠᠯᠠᠵᠦ᠂ ᠦᠢᠯᠡᠳᠬᠦᠨ ᠤ ᠴᠢᠨᠠᠷ ᠴᠢᠨᠰᠠᠭ᠎ᠠ ᠶᠢ ᠪᠠᠳᠤᠯᠠᠨ᠂ ᠪᠦᠬᠦ ᠪᠠᠯᠭᠠᠰᠤᠨ ᠤ | ᠹᠧᠨᠲ᠋ᠢᠶᠤᠤᠷ ᠤᠨ ᠦᠢᠯᠡᠰ ᠤᠨ ᠬᠦᠭᠵᠢᠯᠳᠠ ᠶᠢ ᠳᠠᠶᠢᠴᠢᠯᠠᠬᠤ ᠶᠢᠨ ᠬᠠᠮᠳᠦ ᠶᠠᠳᠠᠭᠤ ᠬᠦᠴᠢᠷᠳᠠᠯ ᠲᠠᠢ ᠳᠤᠰᠬᠤᠨ ᠤ | ᠠᠷᠠᠳ ᠲᠤ ᠠᠰᠢᠬ ᠬᠦᠷᠳᠡᠭᠡᠨ᠂ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠤ ᠬᠦᠴᠦᠨ | ᠨᠡᠮᠡᠷᠢᠯᠡᠵᠦ ᠪᠠᠶᠢᠭ᠎ᠠ ᠶᠤᠮ᠃ ᠳᠤᠬᠠᠢᠢᠯᠠᠪᠠᠯ᠂ ᠶᠠᠳᠠᠭᠤ ᠡᠷᠦᠭᠡ ᠶᠢᠨ ᠲᠦᠮᠦᠰᠦ ᠶᠢ ᠵᠠᠬ᠎ᠠ ᠳᠡᠯᠭᠡᠬᠦᠷ ᠤᠨ | ᠦᠨ᠎ᠠ ᠠᠴᠠ ᠦᠨᠳᠦᠷ ᠢᠶᠠᠷ ᠬᠤᠷᠢᠶᠠᠨ ᠠᠪᠴᠦ᠂ ᠳᠠᠬᠢᠨ ᠵᠠᠬ᠎ᠠ ᠳᠡᠯᠭᠡᠬᠦᠷ ᠤᠨ ᠦᠨ᠎ᠠ ᠶᠢᠨ ᠨᠡᠮᠡᠯᠳᠠ | ᠪᠠᠭᠤᠷᠠᠯᠳᠠ ᠶᠢ ᠦᠨᠳᠦᠰᠦᠯᠡᠨ ᠦᠰᠦᠯᠳᠠ ᠶᠢᠨ ᠭᠡᠰᠡᠭ ᠢ ᠨᠢ ᠨᠦᠬᠦᠪᠦᠷᠢᠯᠡᠨ ᠦᠭᠳᠡᠭ᠃ ᠮᠦᠨ ᠴᠦ ᠳᠤᠰᠬᠤᠨ ᠤ | ᠠᠷᠠᠳ ᠤᠨ ᠵᠢᠯ ᠤᠨ ᠦᠡᠭᠭᠡ᠂ ᠠᠭᠤᠷ ᠠᠮᠢᠰᠬᠤᠯ ᠵᠡᠷᠭᠡ ᠰᠢᠯᠳᠠᠭᠠᠨ ᠠᠴᠠ ᠪᠤᠯᠵᠦ ᠲᠦᠮᠦᠰᠦ ᠳᠠᠷᠢᠬᠤ ᠦᠭᠡᠢ᠂ | ᠬᠤᠷᠢᠶᠠᠯᠳᠠ ᠮᠠᠭᠤ ᠠᠴᠠ ᠠᠶᠤᠬᠤ ᠰᠠᠨᠠᠭᠠᠰᠢᠷᠠᠯ ᠢ ᠠᠷᠢᠯᠭᠠᠵᠦ᠂ ᠲᠦᠮᠦᠰᠤᠨ ᠳᠠᠷᠢᠶᠠᠴᠢᠳ ᠲᠠᠢ ᠭᠡᠷ᠎ᠠ ᠳᠤᠬᠳᠠᠨ᠂ | ᠵᠢᠩ ᠪᠦᠷᠢ ᠶᠢᠨ ᠲᠦᠮᠦᠰᠦ ᠶᠢᠨ ᠦᠨ᠎ᠠ ᠶᠢ 0.35 ᠲᠦᠬᠦᠷᠢᠭ ᠢᠶᠠᠷ ᠬᠤᠷᠢᠶᠠᠨ ᠬᠤᠳᠠᠯᠳᠤᠨ ᠠᠪᠴᠤ᠂ | ᠳᠤᠰᠬᠤᠨ ᠤ ᠠᠷᠠᠳ ᠤᠨ ᠲᠦᠮᠦᠰᠦ ᠳᠠᠷᠢᠬᠤ ᠶᠢ ᠵᠤᠷᠢᠬᠵᠢᠭᠤᠯᠵᠦ ᠳᠠᠷᠢᠶᠠᠴᠢᠳ ᠤᠨ ᠠᠰᠢᠬ ᠤᠷᠤᠯᠭ᠎ᠠ ᠶᠢ | ᠪᠠᠳᠤᠯᠠᠵᠦ ᠪᠠᠶᠢᠭ᠎ᠠ ᠶᠤᠮ᠃ | ︽ᠦᠡᠭᠭᠡᠷᠡᠭᠰᠡᠨ ᠳᠤ ᠪᠢᠳᠡ ᠰᠦᠯᠵᠢᠶᠡᠨ ᠭᠠᠳᠠᠨᠠᠬᠢ ᠪᠤᠷᠤᠯᠠᠭᠤᠯᠭ᠎ᠠ ᠪᠠᠷ ᠭᠤᠤᠯᠳᠠᠵᠦ᠂ ᠹᠧᠨᠲ᠋ᠢᠶᠤᠤᠷ ᠢᠶᠠᠨ | ᠬᠤᠳᠠ ᠶᠢᠨ ᠡᠯ᠎ᠠ ᠶᠡᠭᠡ ᠳᠤᠮᠤ ᠴᠢᠯᠦᠭᠡᠳᠤ ᠳᠡᠯᠭᠡᠬᠦᠷ ᠢᠶᠠᠷ ᠬᠦᠷᠭᠡᠬᠦ ᠪᠤᠶᠤ ᠪᠤᠰᠤᠳ ᠮᠤᠵᠢ ᠤᠷᠤᠨ ᠤ | ᠬᠤᠳᠠᠯᠳᠤᠭᠠᠴᠢᠳ ᠲᠠᠢ ᠭᠡᠷ᠎ᠠ ᠳᠤᠬᠳᠠᠨ ᠬᠦᠷᠭᠡᠵᠤ ᠪᠠᠶᠢᠵᠠᠢ᠃ ᠡᠨᠡ ᠵᠢᠯ ᠪᠢᠳᠡ ᠪᠤᠷᠤᠯᠠᠭᠤᠯᠭ᠎ᠠ ᠶᠢᠨ ᠠᠷᠭ᠎ᠠ | ᠭᠡᠯᠪᠡᠷᠢ ᠪᠠᠨ ᠬᠤᠪᠢᠷᠠᠭᠤᠯᠤᠨ᠂ ᠰᠢᠭᠤᠳ ᠨᠡᠪᠳᠡᠷᠡᠬᠦᠯᠭᠡ ᠪᠠᠷ ᠳᠠᠮᠵᠢᠨ ᠪᠠᠷᠠᠭ᠎ᠠ ᠬᠤᠳᠠᠯᠳᠤᠵᠦ᠂ ᠭᠡᠳᠤᠨ | ᠤᠳᠠᠭᠠᠨ ᠤ ᠰᠢᠭᠤᠳ ᠨᠡᠪᠳᠡᠷᠡᠬᠦᠯᠭᠡ ᠪᠠᠷ ᠳᠠᠮᠵᠢᠨ 6000 ᠭᠠᠷᠤᠢ ᠵᠢᠩ ᠹᠧᠨᠲ᠋ᠢᠶᠤᠤᠷ ᠪᠤᠷᠤᠯᠠᠭᠤᠯᠵᠤ᠂ ᠵᠢᠯ ᠤᠨ | ᠡᠬᠢᠨ ᠠᠴᠠ ᠨᠠᠭᠠᠰᠢᠬᠢ ᠪᠤᠷᠤᠯᠠᠭᠤᠯᠭ᠎ᠠ ᠶᠢᠨ ᠶᠡᠷᠦᠩᠭᠡᠢ ᠤᠷᠤᠯᠭ᠎ᠠ ᠨᠢᠭᠡᠨᠳᠠ 300 ᠲᠦᠮᠡᠨ ᠲᠦᠬᠦᠷᠢᠭ ᠢ | ᠳᠠᠪᠠᠭᠰᠠᠨ ᠪᠠᠶᠢᠨ᠎ᠠ︾ ᠭᠡᠵᠦ ᠲᠢᠶᠠᠨ ᠵᠢᠶᠠ ᠹᠧᠨᠲ᠋ᠢᠶᠤᠤᠷ ᠤᠨ ᠦᠢᠯᠡᠰ ᠤᠨ ᠳᠤᠰᠬᠠᠢ ᠬᠤᠷᠰᠢᠶᠠᠵᠢᠯ ᠤᠨ | ᠪᠤᠷᠤᠯᠠᠭᠤᠯᠭ᠎ᠠ ᠶᠢᠨ ᠭᠡᠯᠳᠡᠰ ᠤᠨ ᠶᠡᠷᠦᠩᠭᠡᠢ ᠳᠠᠭᠠᠭᠠᠮᠠᠯ ᠯᠢ ᠬᠤᠢ ᠶᠠᠷᠢᠨ᠎ᠠ᠃ | |