1. ᠰᠡᠷᠡᠯ ᠤᠨ ᠡᠷᠭᠡᠳᠡᠨ ᠢᠶᠠᠷ ᠰᠢᠯᠭᠠᠨ ᠳᠤᠭᠳᠠᠭᠠᠬᠤ᠄ ᠳᠠᠷᠤᠰᠢᠭᠤᠯᠤᠭᠰᠠᠨ ᠳᠡᠵᠢᠭᠡᠯ ᠪᠤᠷᠳᠤᠭᠠᠨ ᠤ ᠦᠡᠭᠭᠡ | ᠂ ᠦᠨᠥᠷ᠂ ᠠᠮᠳᠠ᠂ ᠶᠠᠰᠥ ᠴᠢᠨᠠᠷ ᠤᠨ ᠪᠦᠳᠥᠴᠡ ᠵᠡᠷᠭᠡ ᠬᠥᠢᠴᠡᠳᠭᠡᠯ ᠳᠤᠭ᠎ᠠ ᠶᠢ ᠦᠨᠳᠥᠰᠥᠯᠡᠨ᠂ ᠰᠡᠷᠡᠯ ᠤᠨ | ᠡᠷᠭᠡᠳᠡᠨ ᠢᠶᠠᠷ ᠳᠡᠬᠦᠨ ᠤ ᠶᠠᠰᠥ ᠴᠢᠨᠠᠷ ᠢ ᠰᠢᠯᠭᠠᠨ ᠳᠤᠭᠳᠠᠭᠠᠬᠤ ᠠᠷᠭ᠎ᠠ ᠶᠢ ᠰᠡᠷᠡᠯ ᠤᠨ ᠡᠷᠭᠡᠳᠡᠨ ᠢᠶᠠᠷ ᠰᠢᠯᠭᠠᠨ | ᠳᠤᠭᠳᠠᠭᠠᠬᠤ ᠭᠡᠨ᠎ᠡ᠃ ᠡᠶᠢᠮᠥ ᠠᠷᠭ᠎ᠠ ᠨᠢ ᠲᠦᠬᠦᠮ᠂ ᠲᠦᠷᠭᠡᠨ ᠮᠦᠷᠳᠡᠭᠡᠨ ᠬᠡᠮᠵᠢᠬᠦᠷᠯᠢᠭ ᠲᠦᠬᠦᠭᠡᠷᠥᠮᠵᠢ | ᠬᠡᠷᠡᠭᠯᠡᠬᠦ ᠦᠬᠡᠢ ᠪᠤᠯᠪᠠᠴᠥ ᠥᠢᠯᠡᠳᠪᠤᠷᠢᠯᠡᠯ ᠤᠨ ᠶᠠᠪᠤᠴᠠ ᠳᠤ ᠪᠠᠶᠢᠡᠭᠭᠤ ᠬᠡᠷᠡᠭᠯᠡᠳᠡᠭ ᠶᠤᠮ᠃ ᠢᠯᠭᠠᠨ | ᠳᠤᠭᠳᠠᠭᠠᠬᠤ ᠪᠠᠷᠢᠮᠵᠢᠶ᠎ᠠ᠄ | ︵1︶ ᠨᠡᠯᠢᠶᠡᠳ ᠰᠠᠶᠢᠨ — ᠨᠤᠭᠤᠭᠠᠨ ᠦᠡᠭᠭᠡ ᠲᠠᠢ ᠪᠤᠶᠤ ᠰᠢᠷᠭᠠᠯ ᠨᠤᠭᠤᠭᠠᠨ ᠦᠡᠭᠭᠡ ᠲᠠᠢ᠂ ᠳᠡᠵᠢᠭᠡᠯ | ᠡᠪᠡᠰᠥᠨ ᠤ ᠤᠤᠯ ᠦᠡᠭᠭᠡ ᠲᠠᠢ ᠲᠦᠰᠥᠭᠡᠳᠡᠢ᠂ ᠬᠢᠯᠠᠭᠠᠷ᠃ ᠦᠨᠥᠷ ᠠᠮᠳᠠ ᠨᠢ ᠠᠩᠬᠢᠯᠥᠮᠠ᠂ ᠠᠷᠢᠬᠢᠨ ᠤ | ᠬᠦᠴᠢᠯᠯᠢᠭ ᠦᠨᠥᠷ ᠲᠠᠢ ᠮᠦᠷᠳᠡᠭᠡᠨ ᠬᠦᠮᠥᠨ ᠳᠤ ᠲᠦᠢᠯ ᠤᠨ ᠳᠠᠭᠠᠯᠠᠮᠵᠢ ᠲᠠᠢ ᠲᠦᠷᠥᠭᠳᠡᠯ ᠦᠭᠳᠡᠭ᠃ ᠶᠠᠰᠥ | ᠴᠢᠨᠠᠷ ᠤᠨ ᠪᠦᠳᠥᠴᠡ ᠨᠢ ᠴᠢᠬᠢᠭᠯᠢᠭ᠂ ᠨᠢᠬᠳᠠ ᠪᠤᠯᠪᠠᠴᠥ ᠬᠢᠯᠪᠠᠷᠬᠠᠨ ᠵᠠᠳᠠᠷᠠᠳᠠᠭ ᠶᠤᠮ᠃ ᠡᠰᠢ᠂ ᠴᠡᠴᠡᠭ᠂ | ᠨᠠᠪᠴᠢ ᠨᠢ ᠤᠤᠯ ᠤᠨ ᠬᠡᠯᠪᠡᠷᠢ ᠲᠦᠷᠰᠥ ᠪᠠᠨ ᠬᠠᠳᠠᠭᠠᠯᠠᠵᠤ ᠪᠠᠶᠢᠳᠠᠭ᠃ | ︵2︶ ᠡᠩ ᠤᠨ — ᠰᠢᠷ᠎ᠡ ᠬᠦᠷᠡᠩ ᠪᠤᠶᠤ ᠪᠤᠳᠤᠩᠭᠤᠢ ᠦᠡᠭᠭᠡ ᠲᠠᠢ᠂ ᠦᠨᠥᠷ ᠠᠮᠳᠠ ᠨᠢ ᠬᠠᠮᠠᠷ | ᠭᠠᠳᠠᠮ᠎ᠠ ᠬᠦᠴᠢᠯᠯᠢᠭ ᠦᠨᠥᠷ ᠲᠠᠢ ᠪᠦᠭᠡᠳ ᠠᠩᠬᠢᠯᠥᠮᠡ ᠦᠨᠥᠷ ᠲᠦᠢᠯ ᠤᠨ ᠪᠠᠭ᠎ᠠ᠃ ᠶᠠᠰᠥ ᠴᠢᠨᠠᠷ ᠤᠨ | ᠪᠦᠳᠥᠴᠡ ᠨᠢ ᠤᠰᠥ ᠠᠭᠤᠯᠤᠭᠳᠠᠴᠠ ᠨᠢ ᠦᠯᠥ ᠮᠡᠳᠡᠭ ᠠᠷᠪᠢᠨ᠂ ᠵᠦᠭᠡᠯᠡᠨ᠂ ᠡᠰᠢ᠂ ᠴᠡᠴᠡᠭ᠂ ᠨᠠᠪᠴᠢ ᠨᠢ | ᠳᠤᠳᠤᠷᠬᠠᠢ᠃ | ︵3︶ ᠬᠢᠷᠢ ᠳᠡᠩᠴᠡᠬᠦ ᠦᠬᠡᠢ — ᠬᠠᠷ᠎ᠠ ᠪᠤᠶᠤ ᠬᠦᠷᠡᠩ ᠦᠡᠭᠭᠡ ᠲᠠᠢ᠃ ᠦᠨᠥᠷ ᠠᠮᠳᠠ ᠨᠢ ᠬᠠᠮᠠᠷ | ᠭᠠᠳᠠᠮ᠎ᠠ ᠢᠯᠵᠢᠷᠡᠭᠰᠡᠨ ᠦᠨᠥᠷ ᠪᠤᠶᠤ ᠸᠠᠯᠠᠭᠰᠠᠨ ᠦᠨᠥᠷ ᠲᠠᠢ᠃ ᠶᠠᠰᠥ ᠴᠢᠨᠠᠷ ᠤᠨ ᠪᠦᠳᠥᠴᠡ ᠨᠢ ᠢᠯᠵᠢᠷᠡᠭᠰᠡᠨ᠂ | ᠨᠢᠯᠴᠠᠭᠠᠢ᠂ ᠬᠡᠰᠡᠭᠷᠡᠭᠰᠡᠨ ᠪᠤᠶᠤ ᠬᠡᠳᠥ ᠬᠠᠳᠠᠭᠰᠠᠨ ᠪᠠᠶᠢᠳᠠᠭ᠃ | 2. ᠲᠤᠷᠰᠢᠯᠳᠠ ᠶᠢᠨ ᠳᠠᠰᠤᠭ ᠤᠨ ᠬᠢᠨᠠᠨ ᠳᠤᠭᠳᠠᠭᠠᠯ᠄ ᠳᠠᠷᠤᠰᠢᠭᠤᠯᠤᠭᠰᠠᠨ ᠳᠡᠵᠢᠭᠡᠯ ᠪᠤᠷᠳᠤᠭᠠᠨ ᠤ ᠬᠦᠴᠢᠯ | ᠱᠦᠯᠳᠥ ᠶᠢᠨ ᠬᠡᠮᠵᠢᠶ᠎ᠡ᠂ ᠡᠯ᠎ᠡ ᠲᠦᠷᠥᠯ ᠤᠨ ᠤᠷᠭᠠᠨᠢᠭ ᠬᠦᠴᠢᠯ ᠤᠨ ᠠᠭᠤᠯᠤᠭᠳᠠᠴᠠ᠂ ᠮᠢᠺᠷᠤᠪ ᠤᠨ ᠲᠦᠷᠥᠯ | ᠵᠥᠢᠯ ᠪᠠ ᠲᠤᠭ᠎ᠠ ᠬᠡᠮᠵᠢᠶ᠎ᠡ᠂ ᠰᠢᠮ᠎ᠡ ᠳᠡᠵᠢᠭᠡᠯᠳᠥ ᠪᠤᠳᠠᠰ ᠤᠨ ᠠᠭᠤᠯᠤᠭᠳᠠᠴᠠ ᠶᠢᠨ ᠬᠤᠪᠢᠷᠠᠯᠳᠠ ᠵᠢᠴᠢ | ᠳᠠᠷᠤᠰᠢᠭᠤᠯᠤᠭᠰᠠᠨ ᠳᠡᠵᠢᠭᠡᠯ ᠪᠤᠷᠳᠤᠭᠠᠨ ᠤ ᠰᠢᠩᠭᠡᠭᠡᠭᠳᠡᠬᠦ ᠴᠢᠨᠠᠷ ᠪᠠ ᠰᠢᠮ᠎ᠡ ᠳᠡᠵᠢᠭᠡᠯ ᠤᠨ ᠦᠷᠳᠡᠭ ᠵᠡᠷᠭᠡ | ᠪᠠᠭᠳᠠᠨ᠎ᠠ᠂ ᠡᠬᠦᠨ ᠤ ᠳᠤᠳᠤᠷ᠎ᠠ PH ᠵᠢᠴᠢ ᠡᠯ᠎ᠡ ᠲᠦᠷᠥᠯ ᠤᠨ ᠤᠷᠭᠠᠨᠢᠭ ᠬᠦᠴᠢᠯ ᠠᠭᠤᠯᠤᠭᠰᠠᠨ ᠬᠡᠮᠵᠢᠶ᠎ᠡ ᠶᠢ | ᠬᠢᠨᠠᠨ ᠳᠤᠭᠳᠠᠭᠠᠵᠤ ᠦᠷᠬᠦᠯᠵᠢ ᠬᠡᠷᠡᠭᠯᠡᠨ᠎ᠡ᠃ | ᠪᠠᠶᠢᠡᠭᠭᠤ ᠬᠡᠷᠡᠭᠯᠡᠳᠡᠭ ᠪᠡᠯᠴᠢᠭᠡᠷ ᠡᠪᠡᠰᠥ ᠶᠢ ᠶᠠᠮᠠᠷ ᠠᠷᠭ᠎ᠠ ᠪᠠᠷ ᠪᠤᠯᠪᠠᠰᠤᠷᠠᠭᠤᠯᠬᠤ ᠪᠤᠢ | 1. ᠳᠠᠷᠢᠶᠠᠨ ᠭᠠᠵᠠᠷ ᠲᠤ ᠬᠠᠳᠠᠭᠠᠬᠤ᠄ ᠳᠡᠬᠦᠨ ᠤ ᠤᠨᠴᠠᠯᠢᠭ ᠨᠢ ᠤᠷᠢᠳ ᠢᠶᠠᠷ ᠳᠡᠯᠭᠡᠵᠤ ᠬᠠᠳᠠᠭᠠᠭᠠᠳ | ᠬᠡᠰᠡᠭ ᠬᠡᠰᠡᠭ ᠢᠶᠠᠷ ᠤᠪᠤᠭᠠᠯᠠᠵᠤ ᠦᠷᠬᠦᠯᠵᠢᠯᠡᠨ ᠬᠠᠳᠠᠭᠠᠨ᠎ᠠ᠃ ᠳᠠᠷᠤᠢ ᠪᠡᠯᠴᠢᠭᠡᠷ ᠡᠪᠡᠰᠥ ᠪᠠᠨ ᠬᠠᠳᠤᠵᠤ | ᠬᠤᠷᠢᠶᠠᠭᠰᠠᠨ ᠬᠤᠶᠢᠨ᠎ᠠ᠂ ᠤᠭ ᠤᠷᠤᠨ ᠳᠤ ᠨᠢ ᠪᠤᠶᠤ ᠤᠢᠢᠷᠠᠯᠴᠠᠭ᠎ᠠ ᠬᠠᠭᠤᠷᠠᠢ ᠭᠠᠵᠠᠷ ᠳᠡᠯᠭᠡᠨ ᠬᠠᠳᠠᠭᠠᠵᠤ᠂ | ᠤᠰᠥ ᠠᠭᠤᠯᠤᠭᠳᠠᠴᠠ ᠨᠢ 50% ᠤᠷᠴᠢᠮ ᠪᠤᠯᠪᠠᠯ ᠮᠧᠳ᠋ᠷ ᠬᠢᠷᠢ ᠲᠠᠢ ᠤᠪᠤᠭᠠᠯᠠᠭᠠᠳ ᠪᠡᠯᠴᠢᠭᠡᠷ ᠡᠪᠡᠰᠥ ᠶᠢ ᠲᠤᠰ | ᠲᠤᠰ ᠤᠨ ᠤᠪᠤᠭᠠᠨ ᠳᠤ ᠨᠢ ᠬᠠᠳᠠᠭᠠᠳᠠᠭ᠃ | 2. ᠵᠢᠶᠠᠰᠠᠨ ᠳᠡᠭᠡᠷ᠎ᠡ ᠬᠠᠳᠠᠭᠠᠬᠤ᠄ ᠨᠡᠯᠢᠶᠡᠳ ᠠᠷᠪᠢᠨ ᠡᠪᠡᠰᠥᠨ ᠵᠢᠶᠠᠰᠠ ᠪᠤᠰᠬᠠᠵᠤ᠂ ᠪᠡᠯᠴᠢᠭᠡᠷ ᠡᠪᠡᠰᠥ ᠪᠠᠨ | ᠬᠠᠭᠠᠰ ᠡᠳᠥᠷ ᠡᠭᠡᠷᠡᠭᠡᠭᠡᠳ ᠤᠰᠥ ᠠᠭᠤᠯᠤᠭᠳᠠᠴᠠ ᠨᠢ 45% — 50% ᠪᠤᠯᠬᠤ ᠦᠶ᠎ᠡ ᠳᠤ ᠪᠡᠯᠴᠢᠭᠡᠷ | ᠡᠪᠡᠰᠥ ᠪᠠᠨ ᠵᠢᠶᠠᠰᠠᠨ ᠳᠡᠭᠡᠷ᠎ᠡ ᠭᠠᠷᠭᠠᠨ᠎ᠠ᠃ ᠡᠪᠡᠰᠥᠨ ᠵᠢᠶᠠᠰᠠ ᠶᠢᠨ ᠳᠤᠮᠳᠠ ᠬᠡᠰᠡᠭ ᠨᠢ ᠠᠭᠠᠷ ᠨᠡᠪᠳᠡᠷᠡᠬᠦ ᠲᠤᠯᠠ | ᠪᠡᠯᠴᠢᠭᠡᠷ ᠡᠪᠡᠰᠥᠨ ᠤ ᠤᠰᠥ ᠠᠭᠤᠯᠤᠭᠳᠠᠴᠠ ᠨᠢ ᠰᠠᠷᠨᠢᠬᠤ ᠳᠤ ᠠᠰᠢᠭ ᠲᠠᠢ᠂ ᠳᠡᠷᠡᠴᠢᠯᠡᠨ ᠪᠡᠯᠴᠢᠭᠡᠷ ᠡᠪᠡᠰᠥᠨ ᠤ | ᠬᠠᠳᠠᠬᠤ ᠬᠤᠷᠳᠤᠴᠠ ᠶᠢ ᠶᠡᠭᠡ ᠪᠠᠷ ᠲᠦᠷᠭᠡᠳᠭᠡᠵᠤ᠂ ᠡᠯ᠎ᠡ ᠵᠥᠢᠯ ᠤᠨ ᠰᠢᠮ᠎ᠡ ᠳᠡᠵᠢᠭᠡᠯᠳᠥ ᠪᠤᠳᠠᠰ ᠤᠨ ᠬᠤᠬᠢᠷᠠᠯ ᠢ | ᠪᠠᠭᠠᠰᠬᠠᠳᠠᠭ ᠶᠤᠮ᠃ ᠪᠡᠯᠴᠢᠭᠡᠷ ᠡᠪᠡᠰᠥ ᠶᠢ ᠤᠪᠤᠭᠠᠯᠠᠬᠤ ᠳᠤ ᠪᠠᠨ ᠳᠤᠤᠷ᠎ᠡ ᠠᠴᠠ ᠳᠡᠭᠡᠭᠰᠢ ᠪᠠᠨ ᠢᠳᠡᠭ | ᠢᠳᠡᠭ ᠢᠶᠠᠷ ᠤᠪᠤᠭᠠᠯᠠᠨ᠎ᠠ᠃ ᠬᠠᠮᠤᠭ ᠰᠠᠶᠢᠨ ᠨᠢ ᠡᠪᠡᠰᠥ ᠪᠠᠨ ᠪᠤᠭᠤᠵᠢᠯᠠᠭᠠᠳ ᠡᠪᠡᠰᠥᠨ ᠵᠢᠶᠠᠰᠠᠨ ᠳᠡᠭᠡᠷ᠎ᠠ ᠪᠠᠨ | ᠳᠠᠯᠪᠢᠬᠤ ᠪᠦᠭᠡᠳ ᠬᠠᠮᠤᠭ ᠤᠨ ᠳᠤᠤᠷ᠎ᠠ ᠳᠠᠯ᠎ᠠ ᠶᠢᠨ ᠡᠪᠡᠰᠥ ᠶᠢ ᠭᠠᠵᠠᠷ ᠤᠨ ᠭᠠᠳᠠᠷᠭᠤ ᠠᠴᠠ 20 — 30 | cm ᠦᠨᠳᠥᠷ ᠪᠠᠶᠢᠯᠭᠠᠵᠤ᠂ ᠵᠤᠵᠠᠭᠠᠨ ᠤ ᠬᠡᠮᠵᠢᠶ᠎ᠡ ᠶᠢ 70 — 80 cm ᠪᠠᠶᠢᠯᠭᠠᠪᠠᠯ ᠵᠤᠬᠢᠨ᠎ᠠ᠃ | 3. ᠢᠰᠭᠡᠭᠡᠨ ᠬᠠᠳᠠᠭᠠᠬᠤ᠄ ᠡ᠊ᠨᠡ ᠨᠢ ᠬᠠᠭᠤᠷᠠᠢ ᠬᠦᠭᠡ ᠡᠪᠡᠰᠥ ᠪᠠ ᠳᠠᠷᠤᠰᠢᠭᠤᠯᠤᠭᠰᠠᠨ ᠳᠡᠵᠢᠭᠡᠯ | ᠪᠤᠷᠳᠤᠭᠠᠨ ᠤ ᠬᠤᠭᠤᠷᠥᠨᠳᠥᠬᠢ ᠨᠢᠭᠡ ᠵᠥᠢᠯ ᠤᠨ ᠤᠨᠴᠠᠭᠠᠢ ᠬᠠᠳᠠᠭᠠᠬᠤ ᠠᠷᠭ᠎ᠠ ᠪᠤᠯᠤᠨ᠎ᠠ᠃ ᠳᠡᠬᠦᠨ ᠤ ᠤᠭ | ᠶᠤᠰᠥ ᠨᠢ ᠪᠡᠯᠴᠢᠭᠡᠷ ᠡᠪᠡᠰᠥ ᠪᠠᠨ ᠬᠠᠳᠠᠭᠠᠵᠤ ᠤᠪᠤᠭᠠᠯᠠᠭᠠᠳ᠂ ᠪᠡᠯᠴᠢᠭᠡᠷ ᠡᠪᠡᠰᠥᠨ ᠤ ᠲᠤᠰ ᠪᠡᠶ ᠡ ᠶᠢᠨ ᠬᠢᠨᠢ | ᠡᠰ ᠤᠨ ᠰᠤᠷᠤᠨ ᠤᠷᠤᠭᠤᠯᠬᠤ ᠳᠤᠯᠠᠭᠠᠨ ᠪᠠ ᠪᠠᠺᠲᠧᠷᠢ᠂ ᠬᠦᠭᠡᠴᠥ ᠶᠢᠨ ᠬᠦᠳᠡᠯᠭᠡᠭᠡᠨ ᠠᠴᠠ ᠪᠤᠢ ᠪᠤᠯᠤᠭᠰᠠᠨ | ᠢᠰᠭᠡᠬᠦᠷ ᠤᠨ ᠳᠤᠯᠠᠭᠠᠨ ᠨᠢ ᠪᠡᠯᠴᠢᠭᠡᠷ ᠡᠪᠡᠰᠥᠨ ᠤ ᠤᠪᠤᠭᠠᠨ ᠳᠤᠳᠤᠷ᠎ᠠ ᠬᠤᠷᠠᠮᠳᠤᠵᠤ᠂ ᠡᠬᠦᠨ ᠤ ᠬᠠᠮᠳᠥ ᠰᠠᠯᠬᠢ | ᠨᠡᠪᠳᠡᠷᠡᠬᠦ ᠶᠢᠨ ᠳᠤᠰᠠᠯᠠᠮᠵᠢ ᠪᠠᠷ ᠪᠡᠯᠴᠢᠭᠡᠷ ᠡᠪᠡᠰᠥᠨ ᠤ ᠳᠤᠳᠤᠷᠠᠬᠢ ᠤᠰᠥ ᠶᠢ ᠨᠢ ᠠᠭᠤᠷᠰᠢᠭᠤᠯᠵᠤ ᠬᠠᠳᠠᠭᠠᠨ᠎ᠠ᠃ | ︵︽ᠰᠢᠨ᠎ᠡ ᠬᠦᠳᠡᠭᠡ ᠠᠵᠤ ᠠᠬᠤᠢ ᠶᠢᠨ ᠪᠦᠳᠥᠭᠡᠨ ᠪᠠᠶᠢᠭᠤᠯᠤᠯᠳᠠ︾ ᠴᠤᠪᠤᠷᠠᠯ ᠪᠢᠴᠢᠭ ᠠᠴᠠ ᠠᠪᠤᠪᠠ |