ᠦᠨᠡᠨᠴᠢ ᠬᠠᠪᠰᠤᠷᠤᠯᠭ᠎ᠠ ᠪᠠᠷ ᠠᠷᠠᠳ ᠤᠨ ᠠᠮᠢᠳᠤᠷᠠᠯ ᠢ ᠰᠠᠶᠢᠵᠢᠷᠠᠭᠤᠯᠥᠨ᠎ᠠ
ᠨᠡᠶᠢᠲᠡᠯᠡᠭᠰᠡᠨ ᠴᠠᠭ᠄
2021/7/28
   — ᠠᠶᠢᠮᠠᠭ ᠤᠨ ᠥᠢᠯᠡᠳᠪᠤᠷᠢ ᠬᠤᠳᠠᠯᠳᠤᠭᠠᠨ ᠤ ᠬᠤᠯᠪᠤᠭ᠎ᠠ ᠨᠠᠨ ᠭᠸᠥ ᠲᠤᠰᠬᠤᠨ ᠢ ᠬᠠᠪᠰᠥᠷᠥᠨ ᠳᠡᠳᠬᠦᠭᠰᠡᠨ ᠥᠢᠯᠡ ᠠᠵᠢᠯᠯᠠᠭ᠎ᠠ ᠶᠢ ᠳᠡᠮᠳᠡᠭᠯᠡᠪᠡ       ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠵᠢᠷᠥᠭᠡᠨ ᠪᠠᠯᠭᠠᠰᠥᠨ ᠤ ᠨᠠᠨ ᠭᠸᠤ ᠲᠣᠰᠬᠤᠨ ᠤᠤᠯ ᠳᠤ ᠪᠠᠨ ᠵᠠᠮ ᠬᠠᠷᠢᠯᠴᠠᠭ᠎ᠠ ᠲᠦᠬᠦᠮ ᠦᠬᠡᠢ᠂ ᠠᠵᠤ ᠠᠬᠤᠢ ᠬᠤᠴᠤᠷᠤᠩᠭᠤᠢ᠂ ᠠᠷᠠᠳ ᠤᠨ ᠦᠵᠡᠯ ᠰᠠᠨᠠᠭ᠎ᠠ ᠬᠡᠪᠰᠢᠮᠡᠯ ᠪᠠᠶᠢᠭᠰᠠᠨ ᠶᠠᠳᠠᠭᠤ ᠲᠤᠰᠬᠤᠨ ᠪᠠᠶᠢᠪᠠ᠃ ᠭᠡᠪᠡᠴᠦ ᠠᠶᠢᠮᠠᠭ ᠤᠨ ᠦᠢᠯᠡᠳᠪᠦᠷᠢ ᠬᠤᠳᠠᠯᠳᠤᠭᠠᠨ ᠤ ᠬᠤᠯᠪᠣᠭ᠎ᠠ ᠶᠢᠨ ᠬᠠᠪᠰᠤᠷᠤᠯᠭ᠎ᠠ ᠳᠡᠮᠵᠢᠯᠭᠡ ᠪᠠᠷ ᠥᠨᠥᠳᠦᠷ ᠤᠨ ᠵᠢᠷᠥᠭᠡᠨ ᠪᠠᠯᠭᠠᠰᠥᠨ ᠤ ᠨᠠᠨ ᠭᠸᠤ ᠲᠣᠰᠬᠤᠨ ᠨᠢᠭᠡᠨᠲᠡ ᠡᠶᠢᠮᠦᠷᠬᠦᠤ ᠠᠮᠢᠳᠤᠷᠠᠯ ᠠᠴᠠ ᠪᠠᠨ ᠰᠠᠯᠤᠭᠰᠠᠨ ᠪᠠᠶᠢᠨ᠎ᠠ᠃       ᠦᠡᠭᠭᠡᠷᠡᠭᠰᠡᠨ ᠳᠤ᠂ ᠨᠠᠨ ᠭᠧᠤ ᠲᠣᠰᠬᠤᠨ ᠳᠤ ᠶᠡᠭᠡ ᠪᠣᠷᠣᠭᠠᠨ ᠣᠷᠣᠭᠰᠠᠭᠠᠷ ᠭᠤᠤ ᠵᠢᠯᠠᠭ᠎ᠠ ᠪᠠᠷ ᠤᠰᠤ ᠳᠦᠭᠦᠷᠴᠦ᠂ ᠲᠣᠰᠬᠤᠨ ᠤ ᠠᠷᠠᠳ ᠭᠠᠷᠴᠤ ᠤᠷᠤᠬᠤ ᠳᠤ ᠲᠦᠬᠦᠮ ᠦᠬᠡᠢ ᠪᠠᠶᠢᠪᠠ᠃ ᠨᠠᠨ ᠭᠸᠥ ᠲᠤᠰᠬᠤᠨ ᠤᠯᠠᠭᠠᠨᠬᠤᠳᠠ ᠠᠴᠠ ᠤᠢᠢᠷᠠᠬᠠᠨ ᠪᠠᠶᠢᠷᠢᠯᠠᠵᠤ ᠪᠠᠶᠢᠭ᠎ᠠ ᠲᠤᠯᠠ ᠤᠯᠠᠩᠬᠢ ᠳᠠᠷᠢᠶᠠᠴᠢᠳ ᠰᠤᠯᠠ ᠰᠡᠯᠡᠬᠦᠥ ᠴᠠᠭ ᠢᠶᠠᠷ ᠢᠶᠠᠨ ᠬᠤᠳᠠ ᠳᠤ ᠤᠷᠤᠵᠤ ᠬᠦᠯᠥᠰᠥᠨ ᠠᠵᠢᠯ ᠬᠢᠳᠡᠭ᠃ ᠳᠡᠭᠡᠬᠦ ᠪᠠᠷ ᠢᠶᠠᠨ ᠪᠤᠷᠤᠭᠠᠨ ᠰᠢᠪᠠᠷ ᠲᠠᠢ ᠡᠳᠥᠷ ᠪᠤᠯᠤᠭᠰᠠᠭᠠᠷ ᠳᠡᠳᠡᠨ ᠤ ᠳᠡᠷᠭᠡ ᠮᠤᠳᠥ ᠨᠢ ᠰᠢᠪᠠᠷᠳᠠᠵᠤ᠂ ᠲᠤᠰᠬᠤᠨ ᠠᠴᠠ ᠪᠠᠨ ᠭᠠᠷᠬᠤ ᠳᠤ ᠴᠥ ᠬᠦᠴᠢᠷᠳᠡᠳᠡᠭ᠃ ᠲᠣᠰᠬᠤᠨ ᠤ ᠲᠠᠷᠢᠶᠠᠨ ᠭᠠᠵᠠᠷ ᠨᠢ ᠦᠨᠳᠦᠰᠦᠨ ᠳᠤ ᠪᠠᠨ ᠭᠤᠣᠯ ᠤᠨ ᠨᠦᠬᠦᠭᠡ ᠲᠠᠯ᠎ᠠ ᠳᠤ ᠪᠠᠶᠢᠳᠠᠭ ᠠᠴᠠ ᠳᠠᠷᠢᠶᠠᠴᠢᠳ ᠳᠠᠷᠢᠶᠠᠨ ᠳᠤ ᠪᠠᠨ ᠭᠠᠷᠬᠤ ᠳᠤ ᠨᠢᠭᠡ ᠪᠣᠯ ᠬᠤᠯᠠ ᠵᠠᠮ ᠲᠣᠭᠤᠷᠢᠵᠤ᠂ ᠨᠢᠭᠡ ᠪᠣᠯ ᠭᠤᠣᠯ ᠢ ᠭᠡᠲᠦᠯᠳᠡᠭ᠃ ᠪᠠᠶᠢᠭᠠᠯᠢ ᠶᠢᠨ ᠨᠦᠬᠦᠴᠡᠯ ᠤᠨ ᠬᠦᠯᠢᠶᠡᠰᠥᠯᠡᠯ ᠠᠴᠠ ᠪᠤᠯᠵᠤ᠂ ᠠᠮᠤ ᠪᠤᠳᠠᠭ᠎ᠠ ᠬᠤᠷᠢᠶᠠᠳᠠᠭ ᠠᠷᠠᠯᠵᠢᠶᠠᠴᠢᠨ᠂ ᠵᠢᠮᠢᠰ ᠬᠤᠳᠠᠯᠳᠤᠳᠠᠭ ᠬᠤᠳᠠᠯᠳᠤᠭᠠᠴᠢᠳ ᠨᠠᠨ ᠭᠧᠤ ᠲᠣᠰᠬᠤᠨ ᠳᠤ ᠢᠷᠡᠬᠦ ᠳᠤᠷ᠎ᠠ ᠦᠭᠡᠢ ᠪᠤᠯᠵᠤ ᠂ ᠲᠣᠰᠬᠤᠨ ᠤ ᠠᠷᠠᠳ ᠤᠨ ᠡᠳᠥᠷ ᠳᠤᠳᠤᠮ ᠤᠨ ᠠᠮᠢᠳᠤᠷᠠᠯ ᠳᠤ ᠤᠯᠠᠨ ᠬᠦᠴᠢᠷ ᠪᠡᠷᠭᠡ ᠲᠤᠯᠭᠠᠷᠠᠵᠤ ᠪᠠᠶᠢᠵᠠᠢ᠃       ᠠᠶᠢᠮᠠᠭ ᠤᠨ ᠥᠢᠯᠡᠳᠪᠤᠷᠢ ᠬᠤᠳᠠᠯᠳᠤᠭᠠᠨ ᠤ ᠬᠤᠯᠪᠤᠭ᠎ᠠ ᠶᠢᠨ ᠬᠢᠨ ᠨᠠᠮ ᠭᠸᠤ ᠳᠤᠰᠬᠤᠨ ᠳᠤ ᠶᠠᠳᠠᠭᠤ ᠶᠢ ᠲᠡᠳᠬᠦᠭᠰᠡᠨ ᠤ ᠳᠠᠷᠠᠭ᠎ᠠ᠂ ᠡᠩ ᠲᠡᠷᠢᠭᠦᠨ ᠳᠤ ᠠᠷᠠᠳ ᠤᠯᠠᠨ ᠤ ᠬᠠᠮᠤᠭ ᠤᠨ ᠲᠤᠯᠭᠠᠮ᠎ᠠ ᠬᠦᠴᠢᠷ ᠵᠣᠪᠠᠭᠤᠷᠢ ᠲᠠᠢ ᠪᠠᠶᠢᠭ᠎ᠠ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ ᠬᠡᠳᠡᠭ ᠢ ᠳᠤᠳᠤᠷᠬᠠᠢ ᠮᠡᠳᠡᠬᠦ ᠲᠤᠯᠠ᠂ ᠳᠠᠷᠦ᠋ᠢᠬᠠᠨ ᠪᠤᠳᠠᠳᠠᠢ ᠠᠷᠭ᠎ᠠ ᠠᠪᠴᠥ᠂ ᠪᠡᠯᠡ ᠮᠥᠩᠭᠦ ᠳᠤᠬᠢᠷᠠᠭᠤᠯᠤᠨ ᠨᠠᠨ ᠭᠸᠤ ᠲᠣᠰᠬᠤᠨ ᠤ ᠭᠤᠤ ᠰᠤᠪᠠᠭ ᠢ ᠵᠠᠰᠠᠵᠤ᠂ ᠲᠣᠰᠬᠤᠨ ᠤ ᠪᠠᠷᠠᠭᠤᠨᠳᠠᠬᠢ ᠡᠪᠳᠡᠭᠳᠡᠭᠰᠡᠨ ᠬᠥᠭᠦᠷᠭᠡ ᠶᠢ ᠰᠡᠯᠪᠢᠨ ᠵᠠᠰᠠᠵᠤ᠂ ᠲᠣᠰᠬᠤᠨ ᠳᠤ ᠣᠷᠣᠵᠤ ᠭᠠᠷᠬᠤ ᠬᠤᠶᠠᠷ ᠵᠤᠷᠪᠤᠰ ᠵᠠᠮ ᠢ ᠵᠠᠰᠠᠨ ᠳᠡᠭᠰᠢᠯᠡᠭᠰᠡᠨ ᠪᠠᠶᠢᠨ᠎ᠠ᠃ ᠪᠠᠰᠠ ᠠᠵᠤ ᠠᠬᠤᠶᠢᠯᠠᠯ ᠲᠠᠢ ᠢᠳᠡᠪᠬᠢᠲᠡᠢ ᠬᠠᠷᠢᠯᠴᠠᠵᠤ᠂ ᠲᠣᠰᠬᠤᠨ ᠤ ᠠᠷᠠᠳ ᠲᠤ ᠪᠣᠳᠠᠳᠥ ᠶᠠᠪᠤᠳᠠᠯ ᠬᠢᠵᠦ ᠦᠭᠬᠦᠨ᠂ ᠬᠦᠴᠢᠷ ᠠᠰᠠᠭᠤᠳᠠᠯ ᠢ ᠨᠢ ᠰᠢᠢᠳᠪᠦᠷᠢᠯᠡᠵᠦ ᠥᠭᠴᠡᠢ᠃ ᠨᠠᠨ ᠭᠸᠤ ᠲᠣᠰᠬᠤᠨ ᠤ ᠶᠠᠳᠠᠭᠤ ᠬᠦᠴᠢᠷᠳᠡᠯ ᠲᠠᠢ ᠰᠤᠷᠤᠭᠴᠢᠳ ᠲᠤ ᠬᠠᠯᠠᠮᠵᠢ ᠶᠢᠨ ᠪᠡᠯᠡᠭ ᠲᠦᠭᠡᠭᠡᠵᠦ᠂ ᠠᠵᠤ ᠠᠬᠤᠶᠢᠯᠠᠯᠲᠠᠨ ᠢ ᠳᠠᠶᠢᠴᠢᠯᠠᠨ ᠶᠠᠳᠠᠭᠤ ᠬᠦᠴᠢᠷᠳᠡᠯ ᠲᠠᠢ ᠰᠤᠷᠤᠭᠴᠢᠳ ᠢ ᠨᠢᠭᠡ ᠨᠢᠭᠡ ᠪᠠᠷ ᠲᠤᠰᠠᠯᠠᠵᠤ᠂ ᠠᠵᠤ ᠠᠬᠤᠶᠢᠯᠠᠯ ᠢ ᠵᠣᠬᠢᠶᠠᠨ ᠪᠠᠶᠢᠭᠤᠯᠤᠨ ᠨᠠᠨ ᠭᠸᠤ ᠲᠣᠰᠬᠤᠨ ᠳᠤ ᠵᠣᠭᠤᠰ ᠮᠥᠩᠭᠦ ᠡᠳ᠋ ᠪᠣᠳᠠᠰ ᠬᠠᠨᠳᠢᠪᠯᠠᠪᠠ ᠁ ᠠᠶᠢᠮᠠᠭ ᠤᠨ ᠦᠢᠯᠡᠳᠪᠦᠷᠢ ᠬᠤᠳᠠᠯᠳᠤᠭᠠᠨ ᠤ ᠬᠤᠯᠪᠣᠭ᠎ᠠ ᠶᠢᠨ ᠳᠠᠶᠢᠴᠢᠯᠠᠯᠳᠠ ᠳᠣᠣᠷ᠎ᠠ᠂ ᠮᠠᠨ ᠤ ᠠᠶᠢᠮᠠᠬ ᠤᠨ ᠨᠢᠭᠡᠨ ᠳᠤᠮᠤ ᠠᠷᠢᠬᠢᠨ ᠦᠢᠯᠡᠰ ᠠᠴᠠ ᠨᠠᠨ ᠭᠸᠤ ᠲᠣᠰᠬᠤᠨ ᠳᠤ ᠬᠤᠭ ᠨᠣᠪᠰᠢ ᠴᠡᠪᠡᠷᠯᠡᠨ ᠵᠥᠭᠡᠭᠡᠪᠦᠷᠢᠯᠡᠬᠦ ᠲᠡᠷᠭᠡ ᠬᠠᠨᠳᠢᠪᠯᠠᠪᠠ᠃       ᠠᠶᠢᠮᠠᠭ ᠤᠨ ᠦᠢᠯᠡᠳᠪᠦᠷᠢ ᠬᠤᠳᠠᠯᠳᠤᠭᠠᠨ ᠤ ᠬᠤᠯᠪᠤᠭ᠎ᠠ ᠶᠢᠨ ᠬᠠᠪᠰᠤᠷᠤᠨ ᠳᠡᠳᠬᠦᠭᠰᠡᠨ ᠦᠯᠢᠭᠡᠷ ᠢ ᠶᠠᠷᠢᠬᠤ ᠪᠦᠷᠢ ᠲᠤᠰᠬᠤᠨ ᠤ ᠠᠷᠠᠳ ᠨᠢᠩ ᠶᠢᠨ ᠲᠤᠤ ᠬᠡᠨ ᠠᠴᠠ ᠴᠦ ᠢᠯᠡᠭᠦᠦ ᠰᠡᠳᠬᠢᠯ ᠬᠥᠳᠡᠯᠵᠦ᠂ ᠳᠡᠬᠦᠨ ᠢ ᠬᠠᠪᠰᠤᠷᠤᠨ ᠳᠡᠳᠬᠦᠭᠰᠡᠨ ᠯᠢᠦ ᠵᠢᠢ ᠬᠤᠩ ᠨᠦᠬᠦᠷ ᠢ ᠮᠠᠭᠳᠠᠨ᠎ᠠ᠃ ︽ᠨᠢᠳᠤᠨᠤᠨ ᠪᠢ ᠠᠵᠢᠯ ᠬᠢᠵᠦ ᠪᠠᠶᠢᠭᠠᠳ ᠰᠠᠨᠠᠮᠰᠠᠷ ᠦᠭᠡᠢ ᠪᠠᠷ ᠬᠦᠯ ᠢᠶᠠᠨ ᠭᠡᠮᠳᠥᠭᠡᠵᠤ᠂ ᠡᠮᠨᠡᠭᠦᠯᠦᠨ ᠵᠠᠰᠠᠭᠤᠯᠤᠭᠠᠳ 3 ᠲᠦᠮᠡ ᠭᠠᠷᠤᠢ ᠲᠥᠭᠦᠷᠢᠭ ᠵᠠᠷᠤᠴᠠᠭᠤᠯᠤᠭᠰᠠᠨ ᠰᠢᠥ᠂ ᠯᠢᠦ ᠡᠭᠡᠴᠢ ᠨᠠᠳᠠ ᠶᠢ ᠬᠠᠪᠰᠥᠷᠥᠨ 1 ᠲᠦᠮᠡ ᠭᠠᠷᠤᠢ ᠲᠥᠭᠦᠷᠢᠭ ᠤᠨ ᠡᠮᠨᠡᠯᠭᠡ ᠶᠢᠨ ᠵᠠᠷᠤᠳᠠᠯ ᠢ ᠬᠡᠯᠳᠥᠷᠢᠬᠦᠯᠥᠭᠰᠡᠨ ᠢᠶᠠᠷ ᠪᠠᠷᠠᠬᠤ ᠦᠬᠡᠢ᠂ ᠪᠠᠰᠠ ᠥᠪᠡᠷ ᠤᠨ ᠵᠣᠭᠤᠰ ᠢᠶᠠᠷ ᠢᠶᠠᠨ ᠮᠠᠨ ᠤ ᠭᠡᠷ ᠲᠤ ᠭᠤᠯᠢᠷ ᠲᠤᠰᠥ ᠵᠡᠷᠭᠡ ᠶᠢ ᠬᠦᠷᠭᠡᠵᠤ ᠠᠮᠢᠳᠤᠷᠠᠯ ᠳᠤ ᠲᠤᠰᠠ ᠪᠤᠯᠤᠭᠰᠠᠨ ᠶᠤᠮ︾ ᠭᠡᠮᠡᠨ ᠨᠢᠩ ᠶᠢᠨ ᠲᠤᠤ ᠲᠠᠯᠠᠷᠬᠠᠯ ᠤᠨ ᠰᠡᠳᠬᠢᠯᠭᠡ ᠪᠠᠨ ᠢᠯᠡᠳᠭᠡᠨ᠎ᠡ᠃       ᠳᠠᠷᠢᠶᠠᠴᠢᠨ ᠯᠢ ᠶᠠᠨ ᠢ ᠳᠤᠷᠠᠳᠤᠭᠰᠠᠭᠠᠷ ᠤᠢᠢᠷ᠎ᠠ ᠬᠠᠪᠢ ᠶᠢᠨ ᠬᠢᠨ ᠮᠡᠳᠡᠬᠦ ᠦᠭᠡᠶ ᠬᠦᠮᠥᠨ ᠦᠬᠡᠢ᠃ ᠤᠤᠯ ᠤᠨ ᠶᠠᠳᠠᠭᠤ ᠬᠦᠴᠢᠷᠳᠡᠯ ᠲᠠᠢ ᠡᠷᠦᠬᠡ ᠪᠠᠶᠢᠭᠰᠠᠨ ᠠᠴᠠ ᠪᠠᠨ ᠭᠠᠯᠠᠭᠤ ᠳᠡᠵᠢᠭᠡᠬᠦ ᠥᠢᠯᠡᠰ ᠡᠷᠬᠢᠯᠡᠵᠤ᠂ ᠣᠳᠣ ᠨᠢᠭᠡᠨᠲᠡ ᠪᠠᠶᠠᠵᠢᠯ ᠤᠨ ᠳᠠᠭᠠᠭᠤᠯᠤᠭᠴᠢ ᠪᠤᠯᠪᠠ᠃ ︽ᠴᠧᠨ ᠱᠦᠵᠢ ᠨᠠᠳᠠ ᠳᠤ ᠭᠠᠯᠠᠭᠤ ᠳᠡᠵᠢᠭᠡᠬᠦ ᠠᠷᠭ᠎ᠠ ᠪᠤᠳᠤᠯᠭ᠎ᠠ ᠭᠠᠷᠭᠠᠵᠤ ᠦᠭᠭᠦᠭᠰᠡᠨ ᠶᠤᠮ᠂ ᠡᠬᠢᠨ ᠳᠤ ᠪᠠᠨ ᠪᠢ ᠪᠠᠰᠠ ᠪᠠᠶᠠᠵᠢᠯ ᠤᠨ ᠳᠠᠭᠠᠭᠤᠯᠤᠭᠴᠢ ᠪᠤᠯᠤᠨ᠎ᠠ ᠭᠡᠵᠤ ᠪᠤᠳᠤᠵᠤ ᠤᠯᠤᠭ᠎ᠠ ᠦᠬᠡᠢ᠂ ᠵᠦᠪᠭᠡᠨ ᠨᠢᠭᠡ ᠥᠢᠯᠡᠰ ᠢᠶᠠᠨ ᠰᠠᠶᠢᠳᠥᠷ ᠡᠷᠬᠢᠯᠡᠭᠡᠳ ᠢᠳᠡᠵᠤ ᠤᠤᠭᠤᠬᠤ᠂ ᠡᠮᠥᠰᠴᠥ ᠵᠡᠬᠦᠬᠦ ᠳᠤ ᠪᠠᠨ ᠵᠦᠪ ᠪᠤᠯ ᠪᠤᠯᠴᠢᠬᠠᠨ᠎ᠠ ᠭᠡᠵᠤ ᠪᠤᠳᠤᠭᠰᠠᠨ᠂ ᠴᠧᠨ ᠱᠦᠵᠢ ᠶᠢᠨ ᠵᠤᠷᠢᠬᠵᠢᠭᠤᠯᠤᠯ ᠳᠤᠤᠷ᠎ᠠ ᠪᠢ ᠢᠳᠡᠭᠡᠯ ᠳᠡᠬᠦᠯᠳᠡᠷ ᠠᠵᠢᠯᠯᠠᠬᠤ ᠪᠤᠯᠪᠠ︾ ᠭᠡᠵᠤ ᠯᠢ ᠶᠠᠨ ᠬᠡᠯᠡᠨ᠎ᠡ᠃     ᠯᠢ ᠶᠠᠨ ᠤ ᠬᠡᠯᠡᠵᠦ ᠪᠠᠶᠢᠭ᠎ᠠ ᠴᠧᠨ ᠱᠦᠵᠢ ᠪᠣᠯ ᠳᠠᠷᠤᠢ ᠠᠶᠢᠮᠠᠭ ᠤᠨ ᠦᠢᠯᠡᠳᠪᠦᠷᠢ ᠬᠤᠳᠠᠯᠳᠤᠭᠠᠨ ᠤ ᠬᠤᠯᠪᠣᠭ᠎ᠠ ᠶᠢᠨ ᠨᠠᠮ ᠤᠨ ᠬᠤᠷᠢᠶᠠᠨ ᠤ ᠱᠦᠵᠢ ᠴᠧᠨ ᠵᠦᠩ ᠺᠠᠢ ᠪᠣᠯᠤᠨ᠎ᠠ᠃ ᠲᠡᠷᠡ ᠯᠢ ᠶᠠᠨ ᠢ ᠬᠠᠪᠰᠤᠷᠤᠨ ᠲᠡᠳᠬᠦᠬᠦ ᠶᠢ ᠬᠠᠷᠢᠭᠤᠴᠠᠵᠤ᠂ ᠯᠢ ᠶᠠᠨ ᠤ ᠬᠦᠨᠳᠦ ᠠᠵᠢᠯ ᠬᠢᠵᠦ ᠳᠡᠶᠢᠯᠬᠦ ᠦᠭᠡᠢ ᠪᠠᠶᠢᠬᠤ ᠶᠢ ᠪᠣᠳᠣᠯᠬᠢᠯᠠᠭᠠᠳ᠂ ᠲᠡᠭᠦᠨ ᠳᠤ ᠭᠠᠯᠠᠭᠤ ᠲᠡᠵᠢᠭᠡᠬᠦ ᠰᠠᠨᠠᠭᠤᠯᠭ᠎ᠠ ᠳᠤᠷᠠᠳᠴᠤ᠂ ᠥᠪᠡᠷ ᠤᠨ ᠬᠦᠴᠥᠨ ᠳᠤ ᠪᠠᠨ ᠲᠦᠰᠢᠭᠯᠡᠨ ᠶᠠᠳᠠᠭᠤ ᠠᠴᠠ ᠪᠠᠨ ᠠᠩᠭᠢᠵᠢᠷᠠᠨ ᠪᠠᠶᠠᠵᠢᠬᠤ ᠶᠢ ᠵᠣᠷᠢᠭᠵᠢᠭᠤᠯᠵᠠᠶ᠃ ᠴᠧᠨ ᠱᠦᠵᠢ ᠲᠡᠭᠦᠨ ᠢ ᠬᠠᠪᠰᠤᠷᠤᠨ ᠠᠷᠠᠳ ᠤᠨ ᠶᠠᠪᠤᠳᠠᠯ ᠤᠨ ᠲᠣᠪᠴᠢᠶ᠎ᠠ ᠠᠴᠠ 2000 ᠲᠥᠭᠦᠷᠢᠭ ᠭᠤᠶᠤᠴᠢᠯᠠᠵᠤ ᠡᠪᠡᠳᠴᠢᠨ ᠦᠵᠡᠭᠦᠯᠬᠦ ᠳᠤ ᠬᠡᠷᠡᠭᠯᠡᠭᠦᠯᠦᠭᠰᠡᠨ ᠢᠶᠠᠷ ᠪᠠᠷᠠᠬᠤ ᠥᠬᠡᠶ᠂ ᠪᠠᠰᠠ ᠥᠪᠡᠷ ᠤᠨ ᠵᠣᠭᠤᠰ ᠢᠶᠠᠷ ᠢᠶᠠᠨ ᠲᠡᠭᠦᠨ ᠳᠤ ᠭᠠᠯᠠᠭᠤ ᠠᠪᠴᠥ ᠦᠭᠬᠦᠨ ᠳᠡᠵᠢᠭᠡᠯᠭᠡᠭᠰᠡᠨ ᠪᠠᠶᠢᠨ᠎ᠠ᠃       ︽ᠨᠠᠮ ᠤᠨ ᠲᠦᠷᠦ ᠶᠢᠨ ᠪᠤᠳᠤᠯᠭ᠎ᠠ ᠶᠢᠨ ᠰᠠᠶᠢᠨ ᠢᠶᠠᠷ ᠨᠠᠨ ᠭᠸᠤ ᠲᠣᠰᠬᠤᠨ ᠤ ᠠᠷᠠᠳ ᠥᠨᠥᠳᠦᠷ ᠤᠨ ᠵᠢᠷᠭᠠᠯᠳᠤ ᠠᠮᠢᠳᠤᠷᠠᠯ ᠲᠠᠢ ᠪᠤᠯᠵᠠᠢ᠂ ᠮᠥᠨ ᠴᠦ ᠨᠠᠮ ᠤᠨ ᠠᠴᠢ ᠪᠠᠷ ᠨᠠᠨ ᠭᠸᠤ ᠲᠣᠰᠬᠤᠨ ᠪᠣᠯᠤᠨ ᠠᠶᠢᠮᠠᠭ ᠤᠨ ᠦᠢᠯᠡᠳᠪᠦᠷᠢ ᠬᠤᠳᠠᠯᠳᠤᠭᠠᠨ ᠤ ᠬᠤᠯᠪᠤᠭ᠎ᠠ ᠶᠢᠨ ᠬᠢᠨ ᠰᠠᠯᠤᠰᠢ ᠦᠭᠡᠢ ᠬᠤᠪᠢ ᠪᠠᠷᠢᠯᠳᠤᠯᠭ᠎ᠠ ᠲᠠᠢ ᠪᠤᠯᠵᠠᠢ᠃ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠢᠯ ᠳᠤᠮᠳᠠ᠂ ᠪᠢᠳᠡ ᠦᠷᠭᠦᠯᠵᠢᠯᠡᠨ ᠬᠠᠪᠰᠤᠷᠤᠨ ᠲᠡᠳᠬᠦᠬᠦ ᠨᠢᠭᠡᠴᠢ ᠲᠠᠢ ᠦᠨᠡᠨᠴᠢ ᠪᠠᠷ ᠬᠠᠮᠲᠤᠷᠠᠯᠴᠠᠵᠤ᠂ ᠠᠷᠠᠳ ᠤᠨ ᠠᠮᠢᠳᠤᠷᠠᠯ ᠢ ᠤᠯᠠᠮ ᠠᠴᠠ ᠤᠯᠠᠮ ᠰᠠᠶᠢᠵᠢᠷᠠᠭᠤᠯᠤᠨ᠎ᠠ︾ ᠭᠡᠵᠦ ᠨᠠᠨ ᠭᠸᠤ ᠲᠣᠰᠬᠤᠨ ᠤ ᠨᠠᠮ ᠤᠨ ᠡᠭᠦᠷ ᠤᠨ ᠱᠦᠵᠢ ᠭᠤᠤ ᠴᠠᠩ ᠴᠦᠨ ᠭᠡᠯᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号