ᠳᠡᠵᠢᠭᠡᠯ ᠡᠪᠡᠰᠥ ᠪᠤᠯᠪᠠᠰᠤᠷᠠᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2021/7/29
ᠳᠠᠷᠤᠰᠢᠭᠤᠯᠤᠭᠰᠠᠨ ᠳᠡᠵᠢᠭᠡᠯ ᠪᠤᠷᠳᠤᠭ᠎ᠠ ᠶᠢ ᠬᠡᠷᠬᠢᠨ ᠥᠢᠯᠡᠳᠬᠦ ᠪᠤᠢ   1. ᠴᠠᠭ ᠲᠤᠬᠠᠢ ᠳᠤ ᠨᠢ ᠬᠠᠳᠥᠬᠤ᠄ ᠳᠠᠷᠢᠮᠠᠯ ᠤᠨ ᠡᠰᠢ ᠰᠦᠷᠡᠯ ᠢ ᠳᠠᠷᠤᠰᠢᠭᠤᠯᠥᠨ ᠠᠰᠢᠭᠯᠠᠬᠤ ᠳᠤ ᠴᠠᠭ ᠢ ᠰᠠᠶᠢᠳᠥᠷ ᠡᠵᠡᠮᠳᠡᠬᠦ ᠬᠡᠷᠡᠭᠳᠡᠢ᠂ ᠬᠡᠳᠥ ᠡᠷᠳᠡ ᠬᠤᠷᠢᠶᠠᠪᠠᠯ ᠠᠮᠥ ᠪᠤᠳᠠᠭᠠᠨ ᠤ ᠤᠨᠠᠯᠳᠠ ᠶᠢ ᠨᠦᠯᠥᠭᠡᠯᠡᠵᠤ᠂ ᠬᠡᠳᠥ ᠤᠷᠤᠢ ᠬᠤᠷᠢᠶᠠᠪᠠᠯ ᠳᠠᠷᠤᠰᠢᠭᠤᠯᠬᠤ ᠶᠠᠰᠥ ᠴᠢᠨᠠᠷ ᠢ ᠨᠦᠯᠥᠭᠡᠯᠡᠳᠡᠭ᠃ ᠡᠷᠳᠡᠨᠢ ᠰᠢᠰᠢ ᠶᠢᠨ ᠡᠰᠢ ᠶᠢ ᠬᠤᠷᠢᠶᠠᠵᠤ ᠳᠠᠷᠤᠰᠢᠭᠤᠯᠬᠤ ᠳᠤᠬᠢᠳᠠᠢ ᠴᠠᠭ ᠢ ᠳᠤᠤᠷᠠᠬᠢ ᠬᠡᠳᠥᠨ ᠳᠠᠯ᠎ᠠ ᠠᠴᠠ ᠠᠳᠬᠤᠬᠤ ᠬᠡᠷᠡᠭᠳᠡᠢ᠃︵1︶ ᠦᠷ᠎ᠡ ᠪᠤᠯᠪᠠᠰᠤᠷᠠᠭᠰᠠᠨ ᠬᠡᠮᠵᠢᠶ᠎ᠡ ᠶᠢ ᠦᠵᠡᠵᠤ᠂ ᠡᠰᠢ ᠤᠷᠤᠢ ᠪᠤᠯᠪᠠᠰᠤᠷᠠᠬᠤ᠂ ᠶᠠᠭ ᠰᠠᠶ᠋ᠢᠬᠠᠨ ᠬᠠᠳᠠᠭᠤᠷᠠᠬᠤ ᠦᠶᠡᠰ ᠬᠤᠷᠢᠶᠠᠨ᠎ᠠ᠃︵2︶ ᠨᠤᠭᠤᠭᠠᠨ ᠰᠢᠷ᠎ᠠ ᠨᠠᠪᠴᠢᠨ ᠤ ᠬᠠᠷᠢᠴᠠᠯ ᠢ ᠰᠠᠶᠢᠳᠥᠷ ᠠᠵᠢᠭᠯᠠᠵᠤ᠂ ᠰᠢᠷ᠎ᠠ ᠨᠠᠪᠴᠢ ᠨᠢ ᠠᠨᠠᠢ᠂ ᠨᠤᠭᠤᠭᠠᠨ ᠨᠠᠪᠴᠢ ᠨᠢ ᠰᠠᠶᠢᠨ᠂ ᠲᠤᠰ ᠪᠦᠷᠢ ᠬᠠᠭᠠᠰ ᠢ ᠡᠵᠡᠯᠡᠪᠡᠯ ᠪᠠᠭ᠎ᠠ ᠬᠠᠳᠠᠭᠤᠷᠠᠭᠰᠠᠨ ᠳᠤ ᠤᠷᠤᠨ᠎ᠠ᠃︵3︶ ᠡᠷᠳᠡᠨᠢ ᠰᠢᠰᠢ ᠶᠢᠨ ᠤᠷᠭᠤᠯᠳᠠ ᠶᠢ ᠦᠵᠡᠬᠦ᠂ ᠶᠡᠷᠥ ᠳᠤ ᠪᠠᠨ ᠳᠤᠮᠳᠠ ᠬᠤᠭᠤᠴᠠᠭᠠᠨ ᠳᠤ ᠪᠤᠯᠪᠠᠰᠤᠷᠠᠬᠤ ᠰᠤᠷᠲ 110 ᠬᠤᠨᠤᠭ ᠲᠤ ᠦᠨᠳᠥᠰᠥᠨ ᠳᠤ ᠪᠠᠨ ᠪᠤᠯᠪᠠᠰᠤᠷᠠᠳᠠᠭ ᠲᠤᠯᠠ ᠬᠠᠳᠥᠵᠤ ᠬᠤᠷᠢᠶᠠᠭᠠᠳ ᠳᠠᠷᠤᠰᠢᠭᠤᠯᠵᠤ ᠪᠤᠯᠤᠨ᠎ᠠ᠃ ᠠᠮᠳᠠᠳᠥ ᠲᠦᠮᠥᠰᠥ ᠶᠢᠨ ᠵᠡᠯ᠎ᠡ ᠶᠢ ᠳᠠᠷᠤᠰᠢᠭᠤᠯᠬᠤ ᠳᠤ ᠬᠢᠷᠠᠭᠤ ᠤᠨᠠᠬᠤ ᠠᠴᠠ ᠡᠮᠥᠨ᠎ᠡ ᠵᠡᠯ᠎ᠡ ᠶᠢ ᠨᠢ ᠬᠠᠳᠤᠵᠤ᠂ ᠬᠢᠷᠠᠭᠤ ᠤᠨᠠᠭᠰᠠᠨ ᠠᠴᠠ ᠰᠡᠬᠦᠯᠡᠷ ᠲᠦᠮᠥᠰᠥ ᠬᠤᠷᠢᠶᠠᠬᠤ ᠠᠷᠭ᠎ᠠ ᠶᠢ ᠬᠡᠷᠡᠭᠯᠡᠨ᠎ᠡ ᠂ ᠢᠡᠭᠬᠢᠪᠡᠯ ᠠᠮᠳᠠᠳᠥ ᠲᠦᠮᠥᠰᠥᠨ ᠤ ᠤᠨᠠᠯᠳᠠ ᠶᠢ ᠦᠯᠥ ᠬᠠᠷᠰᠢᠯᠠᠬᠤ ᠮᠦᠷᠳᠡᠭᠡᠨ ᠪᠠᠰᠠ ᠳᠠᠷᠤᠰᠢᠭᠤᠯᠬᠤ ᠶᠠᠰᠥ ᠴᠢᠨᠠᠷ ᠢ ᠪᠠᠳᠤᠯᠠᠵᠤ ᠴᠢᠳᠠᠨ᠎ᠠ᠃   2. ᠡᠭᠡᠭᠡᠬᠦ᠄ ᠬᠠᠳᠤᠵᠤ ᠬᠤᠷᠢᠶᠠᠭᠰᠠᠨ ᠤ ᠳᠠᠷᠠᠭᠠᠬᠢ ᠳᠠᠷᠤᠰᠢᠭᠤᠯᠬᠤ ᠭᠡᠵᠤ ᠪᠠᠶᠢᠭ᠎ᠠ ᠲᠦᠬᠦᠭᠡᠢ ᠮᠠᠲ᠋ᠧᠷᠢᠶᠠᠯ ᠤᠨ ᠤᠰᠥ ᠠᠭᠤᠯᠤᠭᠳᠠᠴᠠ ᠨᠢ ᠦᠨᠳᠥᠷ ᠪᠤᠯᠬᠤᠷ ᠳᠠᠷᠢᠶᠠᠨ ᠭᠠᠵᠠᠷ ᠲᠤ ᠪᠠᠨ 2 — 6 ᠴᠠᠭ ᠳᠡᠯᠭᠡᠨ ᠬᠠᠳᠠᠭᠠᠪᠠᠯ ᠤᠰᠥ ᠠᠭᠤᠯᠤᠭᠳᠠᠴᠠ ᠨᠢ ᠪᠠᠭᠤᠷᠠᠭᠠᠳ 65% — 70% ᠪᠤᠯᠳᠠᠭ ᠪᠠᠶᠢᠨ᠎ᠠ᠃   3 . ᠵᠦᠭᠡᠭᠡᠪᠤᠷᠢᠯᠡᠬᠦ᠄ ᠬᠠᠳᠤᠵᠤ ᠬᠤᠷᠢᠶᠠᠭᠰᠠᠨ ᠳᠠᠷᠤᠰᠢᠭᠤᠯᠬᠤ ᠲᠦᠬᠦᠭᠡᠢ ᠮᠠᠲ᠋ᠧᠷᠢᠶᠠᠯ ᠢᠶᠠᠨ ᠵᠤᠬᠢᠰᠳᠠᠢ ᠡᠭᠡᠭᠡᠵᠤ ᠬᠠᠳᠠᠭᠠᠭᠠᠳ ᠪᠠᠷᠢᠨ ᠡᠪᠡᠰᠥ ᠬᠡᠷᠴᠢᠬᠦ ᠭᠠᠵᠠᠷ ᠵᠦᠭᠡᠭᠡᠪᠤᠷᠢᠯᠡᠵᠤ ᠠᠪᠠᠴᠢᠨ᠎ᠠ᠃ ᠬᠡᠷᠪᠡ ᠠᠯᠤᠰᠯᠠᠬᠤ ᠬᠤᠭᠤᠴᠠᠭ᠎ᠠ ᠨᠢ ᠬᠡᠳᠥ ᠤᠷᠳᠥ ᠪᠤᠯᠪᠠᠯ ᠰᠢᠮ᠎ᠡ ᠳᠡᠵᠢᠭᠡᠯ ᠤᠨ ᠬᠤᠷᠤᠭᠳᠠᠯ ᠨᠢ ᠨᠡᠯᠢᠶᠡᠳ ᠠᠷᠪᠢᠨ ᠪᠤᠯᠳᠠᠭ ᠪᠠᠶᠢᠨ᠎ᠠ   4. ᠬᠡᠷᠴᠢᠬᠦ᠄ ᠲᠦᠬᠦᠭᠡᠢ ᠮᠠᠲ᠋ᠧᠷᠢᠶᠠᠯ ᠢ ᠵᠦᠭᠡᠭᠡᠪᠤᠷᠢᠯᠡᠨ ᠠᠪᠴᠢᠷᠠᠮᠠᠭᠴᠠ ᠡᠪᠡᠰᠥ ᠬᠡᠷᠴᠢᠬᠦ ᠮᠠᠰᠢᠨ ᠢᠶᠠᠷ ᠬᠡᠷᠴᠢᠵᠤ᠂ ᠡᠷᠳᠡᠨᠢ ᠰᠢᠰᠢ ᠶᠢᠨ ᠰᠢᠨ᠎ᠡ ᠰᠤᠷᠭᠤᠭ ᠡᠰᠢ ᠶᠢ 1 — 2cm ᠤᠷᠳᠥ ᠬᠡᠷᠴᠢᠵᠤ᠂ ᠰᠢᠨ᠎ᠡ ᠰᠤᠷᠭᠤᠭ ᠠᠮᠳᠠᠳᠥ ᠲᠦᠮᠥᠰᠥᠨ ᠤ ᠵᠠᠯ᠎ᠡ ᠪᠠ ᠴᠠᠷᠭᠠᠰᠥ ᠶᠢ 2 — 4 cm ᠤᠷᠳᠥ ᠬᠡᠷᠴᠢᠨ᠎ᠡ᠃ ᠬᠡᠳᠥᠢ ᠪᠤᠭᠤᠨᠢ ᠬᠡᠷᠴᠢᠪᠡᠯ ᠳᠠᠷᠤᠰᠢᠭᠤᠯᠬᠤ ᠦᠶᠡᠰ ᠳᠡᠳᠥᠢ ᠴᠢᠩᠭ᠎ᠠ ᠳᠠᠷᠤᠵᠤ᠂ ᠵᠤᠭᠤᠷᠢᠨ ᠳᠠᠬᠢ ᠠᠭᠠᠷ ᠢ ᠭᠠᠳᠠᠭᠰᠢᠭᠤᠯᠬᠤ ᠳᠤ ᠠᠰᠢᠭᠳᠠᠢ ᠪᠦᠭᠡᠳ ᠳᠠᠷᠤᠰᠢᠭᠤᠯᠬᠤ ᠶᠠᠪᠤᠴᠠ ᠳᠠᠬᠢ ᠮᠢᠺᠷᠤᠪ ᠤᠨ ᠬᠦᠴᠢᠯᠳᠦ᠋ᠷᠥᠭᠴᠢᠳᠥ ᠬᠦᠳᠡᠯᠭᠡᠭᠡᠨ ᠤ ᠴᠠᠭ ᠢ ᠪᠤᠭᠤᠨᠢᠰᠬᠠᠳᠠᠭ᠃ ᠡᠬᠦᠨ ᠠᠴᠠ ᠭᠠᠳᠠᠨ᠎ᠠ ᠳᠠᠷᠤᠰᠢᠭᠤᠯᠬᠤ ᠲᠦᠬᠦᠭᠡᠢ ᠮᠠᠲ᠋ᠧᠷᠢᠶᠠᠯ ᠢ ᠤᠬᠤᠷ ᠰᠢᠭ᠋ ᠬᠡᠷᠴᠢᠪᠡᠯ ᠳᠠᠷᠤᠰᠢᠭᠤᠯᠤᠭᠰᠠᠨ ᠳᠡᠵᠢᠭᠡᠯ ᠪᠤᠷᠳᠤᠭ᠎ᠠ ᠶᠢ ᠠᠪᠴᠥ ᠬᠡᠷᠡᠭᠯᠡᠬᠦ ᠳᠤ ᠠᠰᠢᠭᠳᠠᠢ ᠪᠦᠭᠡᠳ ᠮᠠᠯ ᠳᠡᠵᠢᠭᠡᠪᠤᠷᠢ ᠢᠳᠡᠰᠢᠯᠡᠬᠦ ᠳᠤ ᠲᠦᠬᠦᠮ᠂ ᠪᠦᠷᠢᠯᠭᠡᠨ ᠰᠥᠢᠳᠬᠦ ᠶᠢ ᠪᠠᠭᠠᠰᠬᠠᠳᠠᠭ ᠶᠤᠮ᠃   5. ᠵᠤᠭᠤᠷᠢᠯᠠᠬᠤ᠄ ᠬᠡᠷᠴᠢᠭᠰᠡᠨ ᠳᠠᠷᠤᠰᠢᠭᠤᠯᠬᠤ ᠲᠦᠬᠦᠭᠡᠢ ᠮᠠᠲ᠋ᠧᠷᠢᠶᠠᠯ ︵ᠡᠷᠳᠡᠨᠢ ᠰᠢᠰᠢ ᠶᠢᠨ ᠡᠰᠢ ᠰᠦᠷᠡᠯ᠂ ᠪᠤᠭᠤᠳᠠᠢ ᠶᠢᠨ ᠡᠰᠢ ᠰᠦᠷᠡᠯ ᠮᠡᠳᠥ︶ ᠢᠶᠠᠨ ᠪᠠᠷᠢᠨ ᠵᠤᠭᠤᠷᠢᠯᠠᠬᠤ ᠮᠦᠷᠳᠡᠭᠡᠨ ᠬᠡᠷᠴᠢᠬᠦ ᠶᠢᠨ ᠳᠠᠭᠠᠥ ᠵᠤᠭᠤᠷᠢᠯᠠᠵᠤ᠂ ᠵᠤᠭᠤᠷᠢᠯᠠᠬᠤ ᠶᠢᠨ ᠳᠠᠭᠠᠥ ᠳᠠᠭᠰᠢᠷᠠᠭᠤᠯᠬᠤ ᠠᠷᠭ᠎ᠠ ᠶᠢ ᠬᠡᠷᠡᠭᠯᠡᠨ᠎ᠡ᠃ ᠵᠤᠭᠤᠷᠢᠯᠠᠬᠤ ᠦᠶᠡᠰ 20 — 40 cm ᠪᠦᠷᠢ ᠳᠤ ᠨᠢᠭᠡ ᠤᠳᠠᠭ᠎ᠠ ᠬᠢᠰᠬᠢᠯᠡᠵᠤ ᠳᠠᠭᠰᠢᠷᠠᠭᠤᠯᠥᠨ᠎ᠠ᠃ ᠬᠡᠷᠪᠡ ᠬᠤᠶᠠᠷ ᠠᠴᠠ ᠳᠡᠭᠡᠭᠰᠢᠬᠢ ᠲᠦᠬᠦᠭᠡᠢ ᠮᠠᠲ᠋ᠧᠷᠢᠶᠠᠯ ᠢ ᠬᠤᠯᠢᠵᠤ ᠳᠠᠷᠤᠰᠢᠭᠤᠯᠪᠠᠯ᠂ ᠬᠡᠷᠴᠢᠭᠰᠡᠨ ᠲᠦᠬᠦᠭᠡᠢ ᠮᠠᠲ᠋ᠧᠷᠢᠶᠠᠯ ᠢᠶᠠᠨ ᠵᠢᠭᠳᠡ ᠬᠤᠯᠢᠭᠠᠳ ᠵᠤᠭᠤᠷᠢᠯᠠᠨ᠎ᠠ᠂ ᠡᠬᠦᠨ ᠤ ᠬᠠᠮᠳᠥ ᠲᠦᠬᠦᠭᠡᠢ ᠮᠠᠲ᠋ᠧᠷᠢᠶᠠᠯ ᠤᠨ ᠤᠰᠥ ᠠᠭᠤᠯᠤᠭᠳᠠᠴᠠ ᠶᠢ ᠴᠥ ᠪᠠᠶᠢᠴᠠᠭᠠᠬᠤ ᠬᠡᠷᠡᠭᠳᠡᠢ᠃ ᠤᠰᠥ ᠠᠭᠤᠯᠤᠭᠳᠠᠴᠠ ᠨᠢ ᠲᠦᠬᠦᠭᠡᠢ ᠮᠠᠲ᠋ᠧᠷᠢᠶᠠᠯ ᠢ ᠪᠠᠵᠠᠬᠤ ᠳᠤ ᠭᠠᠷ ᠤᠨ ᠰᠠᠯᠠᠭ᠎ᠠ ᠴᠢᠬᠢᠭᠳᠦᠪᠡᠴᠥ ᠤᠰᠥ ᠳᠤᠰᠤᠯᠠᠬᠤ ᠦᠬᠡᠢ ᠪᠤᠯ ᠰᠠᠶᠢᠨ᠃ ᠬᠡᠷᠪᠡ ᠮᠦᠨ ᠡᠳᠥᠷ ᠲᠤ ᠪᠠᠨ ᠪᠤᠶᠤ ᠨᠢᠭᠡ ᠤᠳᠠᠭ᠎ᠠ ᠳᠤ ᠵᠤᠭᠤᠷᠢ ᠪᠠᠨ ᠲᠦᠬᠦᠷᠭᠡᠵᠤ ᠴᠢᠳᠠᠬᠤ ᠦᠬᠡᠢ ᠪᠤᠯ ᠵᠤᠭᠤᠷᠢᠯᠠᠭᠰᠠᠨ ᠲᠦᠬᠦᠭᠡᠢ ᠮᠠᠲ᠋ᠧᠷᠢᠶᠠᠯ ᠤᠨ ᠳᠡᠭᠡᠷ᠎ᠡ ᠨᠢ ᠨᠢᠭᠡ ᠳᠠᠪᠬᠤᠷ ᠨᠢᠮᠭᠡᠨ ᠰᠦᠯᠢᠶᠥᠥ ᠪᠦᠳᠡᠭᠡᠵᠤ ᠳᠠᠷᠠᠭ᠎ᠠ ᠡᠳᠥᠷ ᠨᠢ ᠦᠷᠬᠦᠯᠵᠢᠯᠡᠨ ᠵᠤᠭᠤᠷᠢᠯᠠᠪᠠᠯ ᠪᠤᠯᠴᠢᠬᠠᠨ᠎ᠠ᠃   6. ᠤᠷᠤᠢ ᠳᠠᠷᠤᠬᠤ᠄ ᠬᠡᠳᠦ᠋ᠢᠪᠠᠷ ᠳᠠᠷᠤᠰᠢᠭᠤᠯᠤᠭᠰᠠᠨ ᠳᠡᠵᠢᠭᠡᠯ ᠪᠤᠷᠳᠤᠭ᠎ᠠ ᠶᠢ ᠵᠤᠭᠤᠷᠢᠯᠠᠬᠤ ᠲᠠᠢ ᠪᠠᠨ ᠵᠡᠷᠭᠡ ᠳᠤ ᠬᠢᠰᠬᠢᠵᠤ ᠳᠠᠭᠰᠢᠷᠠᠭᠤᠯᠤᠭᠰᠠᠨ ᠴᠥ ᠡᠳᠥᠷ ᠤᠳᠠᠭᠠᠨ ᠳᠤ ᠪᠠᠨ ᠮᠦᠨ ᠯᠡ ᠳᠤᠷᠤᠭᠰᠢ ᠰᠠᠭᠤᠳᠠᠭ ᠶᠤᠮ᠃ ᠡ᠊ᠨᠡ ᠨᠢ ᠭᠤᠤᠯᠳᠠᠭᠤ ᠬᠦᠨᠳᠥ ᠶᠢᠨ ᠬᠡᠮᠵᠢᠶ᠎ᠡ ᠶᠢᠨ ᠨᠦᠯᠥᠭᠡ ᠪᠠ ᠲᠦᠬᠦᠭᠡᠢ ᠮᠠᠲ᠋ᠧᠷᠢᠶᠠᠯ ᠤᠨ ᠵᠠᠢ ᠵᠠᠪᠰᠠᠷ ᠨᠢ ᠪᠠᠭᠠᠰᠤᠭᠰᠠᠨ ᠠᠴᠠ ᠪᠤᠯᠤᠭᠰᠠᠨ ᠶᠤᠮ᠃ ᠡᠶᠢᠮᠥ ᠶᠢᠨ ᠲᠤᠯᠠᠳᠠ ᠵᠤᠭᠤᠷᠢᠯᠠᠬᠤ ᠦᠶᠡᠰ ᠲᠦᠬᠦᠭᠡᠢ ᠮᠠᠲ᠋ᠧᠷᠢᠶᠠᠯ ᠢᠶᠠᠨ ᠬᠢᠵᠤ ᠲᠦᠬᠦᠷᠭᠡᠭᠰᠡᠨ ᠤ ᠬᠤᠶᠢᠨ᠎ᠠ ᠪᠠᠰᠠ ᠲᠦᠬᠦᠬᠡᠢ ᠮᠠᠲ᠋ᠧᠷᠢᠶᠠᠯ ᠢ 40 — 60 cm ᠳᠡᠭᠡᠭᠰᠢ ᠤᠪᠤᠭᠠᠯᠠᠭᠠᠳ ᠨᠢᠮᠭᠡᠨ ᠰᠦᠯᠢᠶᠥᠥ ᠪᠠᠷ ᠪᠢᠳᠡᠬᠦᠮᠵᠢᠯᠡᠵᠤ ᠳᠠᠬᠢᠭᠠᠳ ᠳᠡᠬᠦᠨ ᠤ ᠳᠡᠭᠡᠷ᠎ᠡ ᠨᠢ 5 — 10 cm ᠵᠤᠵᠠᠭᠠᠨ ᠬᠡᠷᠴᠢᠭᠰᠡᠨ ᠴᠢᠬᠢᠭ ᠲᠠᠢ ᠪᠤᠭᠤᠳᠠᠢ ᠶᠢᠨ ᠰᠦᠷᠡᠯ ᠪᠤᠶᠤ ᠳᠤᠳᠤᠷᠭᠠᠨ ᠰᠦᠷᠡᠯ ᠬᠤᠴᠢᠵᠤ᠂ ᠬᠠᠮᠤᠭ ᠰᠡᠬᠦᠯ ᠳᠤ ᠨᠢ 30 — 40 cm ᠤᠨ ᠰᠢᠪᠠᠷ ᠢᠶᠠᠷ ᠳᠠᠷᠤᠵᠤ ᠳᠠᠭᠰᠢᠷᠠᠭᠤᠯᠬᠤ ᠶᠢᠨ ᠬᠠᠮᠳᠥ ᠭᠠᠳᠠᠷᠭᠤ ᠶᠢ ᠨᠢ ᠳᠠᠪᠰᠢᠵᠤ ᠪᠦᠮᠪᠤᠭᠡᠯᠢᠭ ᠬᠡᠯᠪᠡᠷᠢᠳᠥ ᠤᠷᠤᠢ ᠭᠠᠷᠭᠠᠨ᠎ᠠ᠃   ᠶᠠᠭᠤᠨ ᠳᠤ ᠳᠡᠵᠢᠭᠡᠯ ᠪᠤᠷᠳᠤᠭ᠎ᠠ ᠶᠢ ᠳᠠᠷᠤᠰᠢᠭᠤᠯᠬᠤ ᠶᠠᠪᠤᠴᠠ ᠳᠤ ᠰᠢᠭᠡᠰᠦᠯᠢᠭ ᠡᠳ᠋ ᠬᠠᠴᠢᠷᠯᠠᠳᠠᠭ ᠪᠤᠢ   ᠡᠷᠳᠡᠨᠢ ᠰᠢᠰᠢ ᠶᠢᠨ ᠡᠰᠢ ᠰᠦᠷᠡᠯ ᠵᠡᠷᠭᠡ ᠳᠠᠷᠤᠰᠢᠭᠤᠯᠤᠭᠰᠠᠨ ᠳᠡᠵᠢᠭᠡᠯ ᠪᠤᠷᠳᠤᠭᠠᠨ ᠳᠤ ᠨᠡᠯᠢᠶᠡᠳ ᠦᠨᠳᠥᠷ ᠡᠨᠧᠷᠬᠢ ᠠᠭᠤᠯᠤᠭᠳᠠᠳᠠᠭ ᠪᠤᠯᠪᠠᠴᠥ ᠤᠭᠤᠷᠠᠭ ᠠᠭᠤᠯᠤᠭᠳᠠᠴᠠ ᠨᠢ ᠲᠤᠩ ᠳᠤᠤᠷ᠎ᠠ ᠪᠠᠶᠢᠳᠠᠭ᠃ ᠴᠢᠬᠢᠭ ᠲᠠᠢ ᠬᠦᠨᠳᠥ ᠶᠢᠨ ᠬᠡᠮᠵᠢᠶ᠎ᠡ ᠪᠠᠷ ᠨᠢ ᠲᠦᠰᠥᠪᠯᠡᠨ ᠪᠤᠳᠤᠪᠠᠯ ᠵᠦᠪᠭᠡᠨ 2.3% ᠶᠢᠨ ᠪᠦᠳᠥᠬᠦᠯᠢᠭ ᠤᠭᠤᠷᠠᠭ ᠠᠭᠤᠯᠳᠠᠭ ᠶᠤᠮ᠃ ᠬᠡᠷᠪᠡ ᠳᠠᠷᠤᠰᠢᠭᠤᠯᠬᠤ ᠦᠶᠡᠰ ᠲᠤᠨ ᠪᠦᠷᠢ ᠳᠠᠷᠤᠰᠢᠭᠤᠯᠬᠤ ᠡᠷᠳᠡᠨᠢ ᠰᠢᠰᠢ ᠶᠢᠨ ᠡᠰᠢ ᠰᠦᠷᠡᠯ ᠳᠤᠳᠤᠷ ᠎ᠡ 5 kg ᠤᠨ ᠰᠢᠭᠡᠰᠦᠯᠢᠭ ᠡᠳ᠋ ᠬᠠᠴᠢᠷᠯᠠᠪᠠᠯ᠂ ᠳᠠᠷᠤᠰᠢᠭᠤᠯᠤᠭᠰᠠᠨ ᠡᠷᠳᠡᠨᠢ ᠰᠢᠰᠢ ᠶᠢᠨ ᠡᠰᠢ ᠰᠦᠷᠡᠯ ᠤᠨ ᠳᠡᠵᠢᠭᠡᠯ ᠪᠤᠷᠳᠤᠭᠠᠨ ᠤ ᠪᠦᠳᠥᠬᠦᠯᠢᠭ ᠤᠭᠤᠷᠠᠭ ᠨᠢ 1.4% ᠦᠨᠳᠥᠷᠵᠢᠳᠡᠭ᠃ ᠵᠦᠪᠭᠡᠨ ᠡᠶᠢᠮᠥ ᠰᠢᠭᠡᠰᠦᠯᠢᠭ ᠡᠳ᠋ ᠬᠠᠴᠢᠷᠯᠠᠵᠤ ᠳᠠᠷᠤᠰᠢᠭᠤᠯᠤᠭᠰᠠᠨ ᠳᠡᠵᠢᠭᠡᠯ ᠪᠤᠷᠳᠤᠭ᠎ᠠ ᠪᠠᠷ ᠪᠠᠭ᠎ᠠ ᠨᠠᠰᠥᠨ ᠤ ᠦᠭᠡᠷ ᠪᠡ ᠰᠤᠪᠠᠢ ᠦᠨᠢᠶ᠎ᠡ ᠳᠡᠵᠢᠭᠡᠪᠡᠯ᠂ ᠳᠠᠷᠤᠢ ᠳᠡᠳᠡᠨ ᠤ ᠤᠭᠤᠷᠠᠭ ᠤᠨ ᠬᠡᠷᠡᠭᠴᠡᠭᠡ ᠶᠢ ᠬᠥᠢᠴᠡᠳ ᠬᠠᠨᠭ᠍ᠭᠠᠵᠤ ᠴᠢᠳᠠᠨ᠎ᠠ᠃ ᠤᠳᠤᠬᠠᠨ ᠳᠤ ᠰᠢᠭᠡᠰᠦᠯᠢᠭ ᠡᠳ᠋ ᠢᠶᠠᠷ ᠢᠳᠡᠰᠢᠨ ᠤ ᠦᠬᠡᠷ ᠳᠡᠵᠢᠭᠡᠬᠦ ᠳᠤ ᠪᠠᠨ ᠰᠢᠭᠡᠰᠦᠯᠢᠭ ᠡᠳ᠋ ᠢᠶᠠᠨ ᠠᠭᠤᠰᠬᠠᠵᠤ ᠨᠠᠷᠢᠨ ᠪᠤᠷᠳᠤᠭ᠎ᠠ ᠲᠠᠢ ᠪᠠᠨ ᠵᠢᠭᠳᠡ ᠬᠤᠯᠢᠭᠠᠳ ᠳᠡᠵᠢᠭᠡᠵᠤ ᠪᠤᠢ᠃ ᠢᠡᠭᠬᠢᠬᠦ ᠨᠢ ᠤᠭᠤᠷᠠᠭ ᠨᠦᠬᠦᠪᠤᠷᠢᠯᠡᠬᠦ ᠥᠢᠯᠡᠳᠥᠯ ᠲᠠᠢ ᠴᠥ ᠦᠭᠡᠷ ᠤᠨ ᠨᠠᠷᠢᠨ ᠪᠤᠷᠳᠤᠭ᠎ᠠ ᠢᠳᠡᠬᠦ ᠬᠡᠮᠵᠢᠶ᠎ᠡ ᠶᠢ ᠨᠦᠯᠥᠭᠡᠯᠡᠳᠡᠭ᠃ ᠰᠢᠭᠡᠰᠦᠯᠢᠭ ᠡᠳ᠋ ᠢ ᠳᠠᠷᠤᠰᠢᠭᠤᠯᠤᠭᠰᠠᠨ ᠳᠡᠵᠢᠭᠡᠯ ᠪᠤᠷᠳᠤᠭᠠᠨ ᠳᠤ ᠬᠠᠴᠢᠷᠯᠠᠪᠠᠯ ᠳᠡᠵᠢᠭᠡᠯ ᠪᠤᠷᠳᠤᠭᠠᠨ ᠤ ᠭᠡᠮᠵᠢᠶ᠎ᠡ ᠨᠢ ᠠᠷᠪᠢᠨ ᠪᠤᠯᠬᠤᠷ ᠬᠠᠷᠢᠴᠠᠩᠭᠤᠢ ᠦᠳᠭᠡᠴᠡ ᠨᠢ ᠳᠤᠷᠤᠭᠰᠢᠯᠠᠵᠤ᠂ ᠦᠭᠡᠷ ᠤᠨ ᠳᠠᠷᠤᠰᠢᠭᠤᠯᠤᠭᠰᠠᠨ ᠳᠡᠵᠢᠭᠡᠯ ᠪᠤᠷᠳᠤᠭ᠎ᠠ ᠶᠢ ᠢᠳᠡᠬᠦ ᠭᠡᠮᠵᠢᠶ᠎ᠡ ᠶᠢ ᠨᠦᠯᠥᠭᠡᠯᠡᠳᠡᠭ ᠦᠬᠡᠢ ᠶᠤᠮ᠃             ︵︽ᠰᠢᠨ᠎ᠡ ᠬᠦᠳᠡᠭᠡ ᠠᠵᠤ ᠠᠬᠤᠢ ᠶᠢᠨ ᠪᠦᠳᠥᠭᠡᠨ ᠪᠠᠶᠢᠭᠤᠯᠤᠯᠳᠠ︾ ᠴᠤᠪᠤᠷᠠᠯ ᠪᠢᠴᠢᠭ ᠠᠴᠠ ᠠᠪᠤᠪᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号