ᠤᠢᠢᠷ᠎ᠠ ᠶᠢᠨ ᠡᠳᠦᠷ᠂ ᠭᠡᠳᠦ ᠤᠳᠠᠭᠠᠨ ᠤ ᠪᠤᠷᠤᠭᠠᠨ ᠬᠤᠷ᠎ᠠ ᠪᠠᠭᠤᠭᠰᠠᠨ ᠠᠴᠠ ᠬᠤᠷᠴᠢᠨ ᠪᠠᠷᠠᠭᠤᠨ ᠭᠠᠷᠤᠨ | ᠡᠮᠦᠨᠡᠳᠤ ᠬᠤᠰᠢᠭᠤᠨ ᠤ ᠵᠢᠷᠦᠬᠡᠨ ᠪᠠᠯᠭᠠᠰᠤᠨ ᠤ ᠸᠠᠨ ᠪᠤᠤ ᠳᠤᠰᠬᠤᠨ ᠤ ᠬᠠᠷᠢᠶ᠎ᠠ ᠳᠠᠬᠢ ᠵᠠᠮ ᠱᠤᠭᠤᠮ ᠳᠤ ᠤᠰᠤ | ᠬᠤᠷᠠᠬᠤ᠂ ᠵᠠᠮ ᠨᠤᠷᠠᠵᠤ ᠡᠪᠳᠡᠷᠡᠬᠦ ᠵᠡᠷᠭᠡ ᠦᠵᠡᠭᠳᠡᠯ ᠢᠯᠡᠷᠡᠨ᠂ ᠠᠷᠠᠳ ᠤᠯᠠᠨ ᠤ ᠨᠠᠭᠠᠰᠢ ᠴᠠᠭᠠᠰᠢ ᠶᠠᠪᠤᠵᠤ | ᠰᠠᠭᠤᠬᠤ ᠳᠤ ᠳᠦᠭᠦᠮ ᠦᠭᠡᠢ ᠪᠤᠯᠵᠤ᠂ ᠳᠡᠷᠭᠡ ᠬᠦᠰᠭᠡ ᠪᠠᠷ ᠦᠩᠭᠡᠷᠡᠬᠦ ᠳᠤ ᠠᠮᠤᠷ ᠳᠦᠪᠰᠢᠨ ᠤ ᠭᠡᠮ ᠰᠤᠭᠤᠭ | ᠤᠴᠠᠷᠠᠭᠤᠯᠪᠠ᠃ ᠡᠨᠡ ᠬᠦ ᠪᠠᠶᠢᠳᠠᠯ ᠳᠤ᠂ ᠸᠠᠨ ᠪᠤᠤ ᠳᠤᠰᠬᠤᠨ ᠤ ︽ᠬᠤᠶᠠᠷ ᠵᠦᠪᠯᠡᠯ︾ ᠪᠤᠯᠤᠨ ᠳᠤᠰᠬᠤᠨ ᠳᠤ | ᠰᠠᠭᠤᠭ᠎ᠠ ᠠᠵᠢᠯᠯᠠᠬᠤ ᠠᠩᠬᠢ ᠶᠢᠨ ᠬᠢᠨ ᠨᠠᠮ ᠤᠨ ᠭᠡᠰᠢᠭᠦᠨ ᠺᠠᠳ᠋ᠷ ᠢᠶᠠᠨ ᠵᠤᠬᠢᠶᠠᠨ ᠪᠠᠶᠢᠭᠤᠯᠤᠨ ᠪᠤᠳᠠᠳᠤ | ᠭᠠᠵᠠᠷ ᠲᠤ ᠨᠢ ᠪᠠᠶᠢᠴᠠᠭᠠᠯᠳᠠ ᠬᠢᠬᠦ ᠪᠠᠷ ᠳᠠᠮᠵᠢᠨ᠂ ᠳᠠᠷᠤᠢ ᠳᠦᠷᠭᠡᠨ ᠵᠠᠰᠠᠨ ᠰᠡᠯᠪᠢᠬᠦ ᠲᠦᠰᠦᠪ ᠳᠤᠭᠳᠠᠭᠠᠨ᠂ | ᠮᠠᠰᠢᠨ ᠮᠧᠬᠠᠨᠢᠭ ᠢᠶᠠᠨ ᠬᠦᠳᠡᠯᠭᠡᠵᠤ᠂ ᠬᠦᠮᠦᠨ ᠤ ᠬᠦᠴᠦᠨ ᠪᠤᠳᠠᠰ ᠤᠨ ᠬᠦᠴᠦᠨ ᠢᠶᠠᠨ ᠵᠤᠬᠢᠶᠠᠨ ᠪᠠᠶᠢᠭᠤᠯᠤᠨ | ᠳᠤᠰᠬᠤᠨ ᠤ ᠵᠠᠮ ᠢᠶᠠᠨ ᠵᠠᠰᠠᠨ ᠳᠡᠭᠰᠢᠯᠡᠵᠤ᠂ ᠤᠯᠠᠨ ᠳᠦᠮᠡᠨ ᠤ ᠶᠠᠪᠤᠵᠤ ᠰᠠᠭᠤᠬᠤ ᠳᠤ ᠳᠦᠭᠦᠮ ᠦᠵᠡᠭᠦᠯᠪᠡ᠃ | ︽ᠡᠨᠡ ᠬᠡᠰᠡᠭ ᠵᠠᠮ ᠳᠡᠭᠰᠢ ᠦᠭᠡᠢ ᠪᠠᠶᠢᠭᠰᠠᠭᠠᠷ᠂ ᠪᠠᠰᠠ ᠰᠢᠷᠤᠢ ᠳᠡᠪᠢᠰᠬᠦ ᠴᠢᠬᠤᠯᠠᠳᠠᠢ︾᠂ ︽ᠡ᠊ᠨᠳᠡ | ᠤᠳᠬᠤᠭᠤᠷ ᠳᠡᠷᠭᠡ ᠪᠠᠷ ᠰᠢᠷᠤᠢ ᠳᠦᠯᠬᠢᠪᠡᠯ ᠵᠤᠬᠢᠰᠳᠠᠢ︾ ᠁ ᠳᠡᠳᠡ ᠳᠤᠰᠬᠤᠨ ᠤ ᠵᠠᠮ ᠢ ᠳᠠᠪᠢᠰᠬᠦ | ᠠᠵᠢᠯ ᠢᠶᠠᠨ ᠡᠮᠬᠢ ᠴᠡᠭᠴᠡ ᠲᠠᠢ ᠶᠠᠪᠤᠭᠳᠠᠭᠤᠯᠵᠤ᠂ ᠳᠤᠰᠬᠤᠨ ᠤ ᠠᠷᠠᠳ ᠭᠡᠷ ᠠᠴᠠ ᠪᠠᠨ ᠬᠦᠷᠵᠡ᠂ | ᠤᠳᠬᠤᠭᠤᠷ ᠢᠶᠠᠨ ᠠᠪᠴᠢᠷᠠᠨ ᠠᠵᠢᠯ ᠤᠨ ᠠᠬᠢᠴᠠ ᠶᠢ ᠳᠦᠷᠭᠡᠳᠭᠡᠨ᠎ᠡ᠃ ᠸᠠᠨ ᠪᠤᠤ ᠳᠤᠰᠬᠤᠨ ᠤ 20 ᠭᠠᠷᠤᠢ | ᠨᠡᠷᠡᠰ ᠨᠠᠮ ᠤᠨ ᠭᠡᠰᠢᠭᠦᠨ ᠺᠠᠳ᠋ᠷ ᠪᠠ ᠳᠤᠰᠬᠤᠨ ᠤ ᠠᠷᠠᠳ ᠤᠨ ᠬᠠᠮᠳᠤ ᠶᠢᠨ ᠴᠢᠷᠮᠠᠶᠢᠯᠭ᠎ᠠ ᠪᠠᠷ ᠪᠤᠷᠤᠭᠠᠨ ᠤ | ᠤᠰᠤᠨ ᠳᠤ ᠡᠪᠳᠡᠷᠡᠵᠤ ᠨᠤᠷᠠᠭᠰᠠᠨ ᠳᠤᠰᠬᠤᠨ ᠤ ᠵᠠᠮ ᠳᠠᠬᠢᠨ ᠵᠠᠰᠠᠨ ᠳᠡᠭᠰᠢᠯᠡᠭᠳᠡᠵᠤ᠂ ᠤᠯᠠᠨ ᠤ ᠴᠢᠷᠠᠢ ᠳᠤ | ᠪᠠᠶᠠᠷ ᠤᠨ ᠮᠦᠰᠢᠶᠡᠳᠤ ᠪᠢᠯᠬᠠᠨ᠎ᠠ᠃ | ᠸᠠᠨ ᠪᠤᠤ ᠳᠤᠰᠬᠤᠨ ᠤ ᠵᠠᠮ ᠢ ᠵᠠᠰᠠᠨ ᠳᠡᠭᠰᠢᠯᠡᠭᠰᠡᠨ ᠨᠢ ᠵᠢᠷᠦᠬᠡᠨ ᠪᠠᠯᠭᠠᠰᠤᠨ ᠤ ᠨᠠᠮ ᠤᠨ ᠬᠤᠷᠢᠶ᠎ᠠ᠂ | ᠵᠠᠰᠠᠭ ᠤᠨ ᠤᠷᠳᠤᠨ ᠤ ︽ᠪᠢ ᠤᠯᠠᠨ ᠳᠦᠮᠡᠨ ᠳᠤ ᠪᠤᠳᠠᠳᠤ ᠶᠠᠪᠤᠳᠠᠯ ᠬᠢᠵᠤ ᠦᠭᠬᠦ︾ ᠦᠢᠯᠡᠳᠦᠯᠭᠡ ᠶᠢᠨ | ᠠᠵᠢᠯᠯᠠᠭ᠎ᠠ ᠶᠢᠨ ᠨᠢᠭᠡ ᠪᠦᠭᠡᠳ ᠳᠠᠷᠠᠭᠠᠴᠢ ᠶᠢᠨ ᠠᠯᠬᠤᠮ ᠳᠤ ᠵᠢᠷᠦᠬᠡᠨ ᠪᠠᠯᠭᠠᠰᠤ ᠠᠷᠠᠳ ᠤᠨ ᠠᠮᠢᠳᠤᠷᠠᠯ ᠤᠨ ︽ | ᠵᠢᠵᠢᠭ ᠶᠠᠪᠤᠳᠠᠯ︾ ᠢ ᠳᠦᠪᠯᠡᠷᠡᠭᠦᠯᠦᠨ᠂ ᠪᠤᠳᠠᠳᠤ ᠶᠠᠪᠤᠳᠠᠯ ᠬᠢᠵᠤ ᠠᠷᠠᠳ ᠤᠯᠠᠨ ᠳᠤ ᠦᠢᠯᠡᠴᠢᠯᠡᠨ᠂᠂ ᠠᠷᠠᠳ | ᠤᠯᠠᠨ ᠤ ᠬᠦᠰᠡᠯ ᠪᠤᠳᠤᠯ ᠢ ᠠᠵᠢᠯ ᠢᠶᠠᠨ ᠦᠷᠨᠢᠭᠦᠯᠬᠦ ᠶᠢᠨ ︽ᠳᠤᠬᠢᠶᠠᠨ ᠤ ᠳ᠋ᠧᠩ︾ ᠪᠤᠯᠭᠠᠵᠤ᠂ ᠠᠷᠠᠳ ᠤᠨ | ᠬᠠᠯᠠᠭᠤᠨ ᠳᠤᠯᠠᠭᠠᠨ ᠢ ᠬᠠᠯᠠᠮᠵᠢᠯᠠᠬᠤ ᠪᠠᠷ ᠠᠵᠢᠯ ᠢᠶᠠᠨ ᠪᠠᠶᠢᠴᠠᠭᠠᠨ ᠰᠢᠯᠭᠠᠬᠤ ︽ᠬᠡᠮᠵᠢᠭᠦᠷ︾ ᠪᠤᠯᠭᠠᠵᠤ᠂ ᠠᠷᠠᠳ | ᠤᠯᠠᠨ ᠤ ᠬᠦᠴᠢᠷ ᠠᠰᠠᠭᠤᠳᠠᠯ ᠢ ᠦᠨᠡᠨ ᠬᠦ ᠰᠢᠢᠳᠪᠦᠷᠢᠯᠡᠨ᠂ ᠪᠤᠳᠠᠳᠤ ᠶᠠᠪᠤᠳᠠᠯ ᠬᠢᠵᠤ ᠦᠭᠬᠦ ᠪᠤᠯᠤᠨ᠎ᠠ᠃ |