ᠶᠠᠫᠤᠨ ᠢ ᠡᠰᠡᠷᠭᠦᠴᠡᠬᠦ ᠳᠠᠶᠢᠨ ᠤ ᠲᠡᠮᠡᠴᠡᠯ
ᠨᠡᠶᠢᠲᠡᠯᠡᠭᠰᠡᠨ ᠴᠠᠭ᠄
2022/11/18
    1945 ᠣᠨ ᠤ 2 ᠰᠠᠷ᠎ᠠ ᠳᠤ᠂ ᠵᠥᠪᠯᠡᠯᠲᠦ᠂ ᠠᠮᠧᠷᠢᠺᠠ᠂ ᠠᠩᠭ᠍ᠯᠢ ᠭᠤᠷᠪᠠᠨ ᠤᠯᠤᠰ ᠤᠨ ᠲᠡᠷᠢᠭᠦᠨ ᠨᠠᠷ ᠶᠠᠯᠲ᠋ᠠ ᠳᠤ ᠬᠤᠯᠪᠣᠭᠠᠨ ᠤ ᠤᠯᠤᠰ ᠤᠨ ᠬᠠᠮᠤᠭ ᠳᠡᠭᠡᠳᠦ ᠴᠡᠷᠢᠭ ᠤᠨ ᠶᠠᠪᠤᠳᠠᠯ ᠤᠨ ᠬᠤᠷᠠᠯ ᠬᠢᠵᠡᠢ ᠃  ᠬᠤᠷᠠᠯ ᠳᠤ ᠭᠧᠷᠮᠠᠨ ᠂ ᠶᠠᠫᠤᠨ ᠲᠠᠢ ᠡᠴᠦᠰ ᠤᠨ ᠰᠢᠢᠳᠪᠦᠷᠢᠲᠦ ᠪᠠᠶᠢᠯᠳᠤᠭᠠᠨ ᠬᠢᠬᠦ ᠠᠰᠠᠭᠤᠳᠠᠯ ᠤᠨ ᠲᠤᠬᠠᠢ ᠶᠠᠷᠢᠯᠴᠠᠨ᠂ ᠵᠦᠪᠯᠡᠯᠳᠦ ᠬᠤᠯᠪᠣᠭᠠᠲᠤ ᠤᠯᠤᠰ ᠴᠡᠷᠢᠭ ᠭᠠᠷᠭᠠᠨ ᠶᠠᠫᠤᠨ ᠲᠠᠢ ᠪᠠᠶᠢᠯᠳᠤᠵᠤ ᠂ ᠳᠤᠮᠳᠠᠳᠤ ᠤᠯᠤᠰ ᠤᠨ ᠵᠡᠭᠦᠨ ᠬᠤᠶᠢᠲᠤ ᠣᠷᠣᠨ ᠳᠤ ᠲᠦᠷᠢᠮᠡᠬᠡᠶᠢᠯᠡᠨ ᠰᠠᠭᠤᠵᠤ  ᠪᠠᠶᠢᠭ᠎ᠠ ᠶᠠᠫᠤᠨ ᠤ ᠭᠤᠸᠠᠨ  ᠳ᠋ᠦᠩ ᠵᠢᠶᠦ᠋ᠨ ᠴᠡᠷᠢᠭ ᠢ ᠤᠰᠠᠳᠬᠠᠬᠤ ᠪᠠᠷ ᠲᠣᠭᠲᠠᠪᠠ᠃ ᠪᠠᠶᠢᠯᠳᠤᠬᠤ ᠬᠤᠭᠤᠴᠠᠭ᠎ᠠ ᠶᠢ ᠡᠸᠦ᠋ᠷᠦᠫᠡ ᠶᠢᠨ ᠳᠠᠶᠢᠯᠠᠯᠳᠤᠭᠠᠨ ᠳᠠᠭᠤᠰᠤᠭᠰᠠᠨ ᠤ ᠬᠤᠶᠠᠷ ᠭᠤᠷᠪᠠᠨ ᠰᠠᠷ᠎ᠠ ᠶᠢᠨ ᠲᠡᠷᠠᠭ᠎ᠠ ᠲᠠᠶᠢᠨ‌‍ᠬᠢᠬᠦ ᠪᠠᠷ ᠲᠣᠭᠲᠠᠭᠠᠪᠠ᠃    4 ᠰᠠᠷ᠎ᠠ ᠶᠢᠨ 5 ᠤ ᠡᠳᠦᠷ᠂ ᠵᠥᠪᠯᠡᠯᠲᠦ ᠶᠢᠨ ᠵᠠᠰᠠᠭ ᠤᠨ ᠣᠷᠳᠣᠨ ᠠᠴᠠ 1941 ᠣᠨ ᠳᠤ ᠲᠤᠭᠳᠠᠭᠠᠭᠰᠠᠨ ᠵᠥᠪᠯᠡᠯᠲᠦ᠂ ᠶᠠᠫᠤᠨ ᠤ ᠬᠡᠪ ᠢᠶᠠᠨ ᠰᠠᠬᠢᠬᠤ ᠭᠡᠷ᠎ᠡ  ᠶᠢ ᠬᠦᠴᠦᠨ ᠦᠭᠡᠢ ᠪᠣᠯᠭᠠᠬᠤ  ᠪᠠᠷ ᠲᠤᠩᠬᠠᠭᠯᠠᠵᠠᠢ᠃ 6 ᠰᠠᠷ᠎ᠠ ᠶᠢᠨ ᠡᠬᠢ ᠪᠠᠷ᠂ ᠵᠥᠪᠯᠡᠯᠲᠦ ᠶᠢᠨ ᠬᠠᠮᠤᠭ ᠳᠡᠭᠡᠳᠦ ᠶᠡᠷᠥᠩᠬᠡᠢ ᠵᠢᠯᠤᠭᠤᠳᠤᠭᠴᠢ ᠰᠲ᠋ᠠᠯᠢᠨ ᠠᠴᠠ ᠵᠥᠪᠯᠡᠯᠲᠦ ᠶᠢᠨ ᠴᠡᠷᠢᠭ ᠤᠨ ᠶᠡᠷᠦᠩᠬᠡᠢ ᠱᠲ᠋ᠠᠪ ᠤᠨ ᠬᠡᠯᠲᠡᠰ ᠠᠴᠠ ᠲᠣᠭᠲᠠᠭᠠᠭᠰᠠᠨ ᠶᠠᠫᠤᠨ ᠤ ᠭᠤᠸᠠᠨ ᠳ᠋ᠦᠩ ᠵᠢᠶᠦ᠋ᠨ ᠴᠡᠷᠢᠭ ᠢ ᠤᠰᠠᠳᠬᠠᠬᠤ ᠪᠠᠶᠢᠯᠳᠤᠭᠠᠨ ᠤ ᠲᠥᠯᠥᠪᠯᠡᠭᠡ  ᠶᠢ ᠵᠥᠪᠰᠢᠶᠡᠷᠡᠵᠡᠢ᠃ 7 ᠰᠠᠷ᠎ᠠ ᠶᠢᠨ 4 ᠤ ᠡᠳᠦᠷ᠂ ᠠᠷᠦ ᠪᠠᠶᠢᠭᠠᠯ ᠹᠷᠣᠨᠲ ᠤᠨ ᠴᠡᠷᠢᠭ ᠤᠨ ᠺᠥᠮᠠᠨᠳᠠᠯᠠᠭᠴᠢ ᠂ ᠵᠥᠪᠯᠡᠯᠲᠦ ᠶᠢᠨ ᠴᠡᠷᠢᠭ ᠤᠨ ᠮᠠᠷᠱᠠᠯ P.8 ᠮᠠᠯᠢᠨᠤᠹᠰᠺᠢ ᠂ ᠨᠢᠭᠤᠴᠠᠯᠠᠭᠰᠠᠨ ᠨᠡᠷ᠎ᠡ ᠮᠤᠯᠤᠹ ᠬᠤᠷᠠᠩᠳᠠ ᠭᠧᠨᠧᠷᠠᠯ ᠨᠢᠰᠬᠡᠯ ᠢᠶᠠᠷ ᠴᠢᠲ᠋ᠠ ᠳᠤ ᠬᠦᠷᠪᠡ᠃ ᠲᠡᠷᠠᠭ᠎ᠠ ᠡᠳᠦᠷ ᠨᠢ ᠠᠯᠤᠰ ᠳᠣᠷᠣᠨᠠᠲᠤ ᠶᠢᠨ ᠹᠷᠣᠨᠲ ᠤᠨ ᠴᠡᠷᠢᠭ ᠤᠨ ᠺᠥᠮᠠᠨᠳᠠᠯᠠᠭᠴᠢ᠂ ᠵᠦᠪᠯᠡᠯᠳᠦ ᠶᠢᠨ ᠴᠡᠷᠢᠭ ᠤᠨ ᠮᠠᠷᠱᠠᠯ A.M.ᠸᠡᠰᠢᠯᠧᠹᠰᠺᠢ ᠨᠢᠭᠤᠴᠠᠯᠠᠭᠰᠠᠨ ᠨᠡᠷ᠎ᠡ ᠸᠡᠰᠢᠯᠢᠶ᠋ᠧᠹ ᠬᠤᠷᠠᠩᠳᠠ ᠭᠧᠨᠧᠷᠠᠯ ᠪᠠᠰᠠ ᠴᠢᠲ᠋ᠠ ᠳᠤ ᠬᠦᠷᠴᠡᠢ ᠃    8 ᠰᠠᠷ᠎ᠠ ᠶᠢᠨ 3 ᠤ ᠡᠳᠦᠷ᠂ ᠰᠲ᠋ᠠᠯᠢᠨ ᠫᠤᠼᠳᠠᠮ ᠠᠴᠠ ᠮᠣᠰᠺᠸᠠ ᠳᠤ ᠪᠤᠴᠠᠪᠠ᠃ A. M. ᠮᠠᠷᠱᠠᠯ ᠸᠡᠰᠢᠯᠧᠹᠰᠺᠢ ᠲᠡᠷᠡ ᠳᠠᠷᠤᠢ ᠳᠤᠨᠢ ᠲᠡᠭᠦᠨ ᠳᠤ ᠴᠡᠷᠢᠭ ᠭᠠᠷᠭᠠᠬᠤ ᠪᠡᠯᠡᠳᠬᠡᠯ ᠠᠵᠢᠯ ᠢᠶᠠᠨ ᠨᠠᠷᠢᠨ ᠬᠠᠷᠢᠭᠤ ᠮᠡᠳᠡᠭᠦᠯᠪᠡ᠃ ᠲᠤᠬᠠᠢ ᠶᠢᠨ ᠦᠶ᠎ᠡ ᠳᠤ᠂ ᠥᠪᠥᠷ ᠮᠣᠩᠭᠤᠯ ᠤᠨ ᠬᠢᠩᠭᠠᠨ ᠠᠶᠢᠮᠠᠭ ᠤᠨ ᠬᠢᠯᠢ ᠳᠤ ᠲᠦᠷᠢᠮᠡᠬᠡᠶᠢᠯᠡᠨ‌‍ᠰᠠᠭᠤᠵᠤ ᠪᠠᠶᠢᠭᠰᠠᠨ ᠶᠠᠫᠤᠨ ᠤ ᠭᠤᠸᠠᠨ ᠳ᠋ᠦᠩ ᠵᠢᠶᠦ᠋ᠨᠴᠡᠷᠢᠭ ᠲᠤ ᠭᠤᠷᠪᠠᠳᠤᠭᠠᠷ ᠹᠷᠣᠨᠲ ᠤᠨ ᠴᠡᠷᠢᠭ ᠶᠢᠨ 107  ᠳ᠋ᠤᠭᠠᠷ ᠳ᠋ᠢᠸᠢᠽᠢ ᠬᠤᠷᠢᠶ᠎ᠠ ᠪᠠᠶᠢᠵᠦ  ᠂ ᠺᠥᠮᠠᠨᠳᠠᠯᠠᠭᠴᠢ ᠨᠣᠶᠠᠨ ᠪᠣᠯ ᠠᠨ ᠪᠦ᠋ ᠰᠢᠶᠣᠣ ᠢ ᠳᠡᠰᠯᠡᠭᠴᠢ ᠭᠧᠨᠧᠷᠠᠯ᠂ ᠱᠲ᠋ᠠᠪ ᠤᠨ ᠳᠠᠷᠤᠭ᠎ᠠ ᠪᠣᠯ ᠾᠧ ᠰᠧ ᠶᠢᠨ ᠹᠠᠨ ᠲᠠᠢ ᠠᠬᠠᠯᠠᠬᠤ ᠬᠤᠷᠠᠩᠳᠠ᠂ ᠴᠡᠷᠢᠭ ᠤᠨ ᠭᠤᠣᠯ ᠬᠦᠴᠦᠨ ᠤ ᠪᠠᠶᠢᠷᠢᠯᠠᠭᠤᠯᠤᠯᠲᠠ ᠨᠢ  ᠢᠷᠪᠢᠰ ᠂ ᠷᠠᠰᠢᠶᠠᠨ᠂ ᠪᠠᠯᠢᠩ ᠂ ᠤᠭᠤᠴᠠᠨ ᠭᠤᠤ ᠂ ᠰᠢ ᠺᠧᠦ᠂ ᠰᠣᠯᠣᠨ᠂ ᠬᠤᠷᠢᠨ ᠂ ᠲᠡᠪᠰᠡᠭ ᠂ ᠴᠠᠷᠠᠰᠤᠨ ᠵᠡᠷᠭᠡ ᠭᠠᠵᠠᠷ ᠲᠤ᠂  ᠱᠲ᠋ᠡᠪ ᠶᠢ ᠤᠭᠤᠴᠠᠨ ᠭᠤᠤ ᠳᠤ ᠲᠣᠬᠢᠷᠠᠭᠤᠯᠵᠠᠢ ᠃ ᠸᠠᠩ ᠤᠨ ᠰᠦᠮ᠎ᠡ ᠵᠡᠭᠡᠯᠢ ᠳᠤ ᠪᠠᠰᠠ ᠶᠠᠫᠤᠨ ᠴᠡᠷᠢᠭ ᠤᠨ ᠲᠠᠪᠦ ᠭᠤᠷᠪᠠ ᠶᠢᠨ ᠴᠡᠷᠢᠭ ᠠᠩᠭᠢ ᠵᠢᠴᠢ ᠫᠤᠤᠲᠤ ᠴᠡᠷᠢᠭ ᠤᠨ ᠬᠤᠷᠢᠶ᠎ᠠ ᠂ ᠶᠠᠪᠠᠭᠠᠨ ᠴᠡᠷᠢᠭ ᠤᠨ ᠬᠤᠷᠢᠶ᠎ᠠ᠂ ᠵᠢᠭᠠᠨ ᠵᠢᠯᠤᠭᠤᠤᠳᠬᠤ ᠬᠤᠷᠢᠶ᠎ᠠ ᠰᠠᠭᠤᠵᠦ᠂  ᠲᠤᠰ ᠭᠠᠵᠠᠷ ᠨᠢ ᠶᠠᠫᠤᠨ  ᠡᠴᠡ ᠪᠥᠬᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠪᠠ ᠵᠥᠪᠯᠡᠯᠲᠦ ᠬᠤᠯᠪᠣᠭᠠᠲᠤ ᠤᠯᠤᠰ ᠢ  ᠲᠦᠷᠢᠮᠡᠭᠡᠢᠯᠡᠬᠦ ᠴᠢᠬᠤᠯᠠ ᠴᠡᠷᠢᠭ ᠤᠨ ᠰᠠᠭᠤᠷᠢᠨ ᠭᠠᠵᠠᠷ ᠪᠣᠯᠤᠭᠰᠠᠨ ᠪᠠᠶᠢᠨ᠎ᠠ᠃   8 ᠰᠠᠷ᠎ᠠ ᠶᠢᠨ 7 ᠤ ᠡᠳᠦᠷ᠂ ᠰᠲ᠋ᠠᠯᠢᠨ ᠶᠠᠫᠤᠨ ᠤ ᠭᠤᠸᠠᠨ ᠳ᠋ᠦᠩ ᠵᠢᠶᠦ᠋ᠨᠴᠡᠷᠢᠭ ᠢ ᠪᠦᠬᠦ ᠲᠠᠯ᠎ᠠ ᠪᠠᠷ ᠳᠣᠪᠲᠣᠯᠬᠤ ᠪᠠᠶᠢᠯᠳᠤᠭᠠᠨ ᠤ ᠵᠠᠷᠯᠢᠭ ᠲᠤ ᠭᠠᠷ ᠤᠨ ᠦᠰᠦᠭ ᠵᠢᠷᠤᠪᠠ᠃ 8 ᠰᠠᠷ᠎ᠠ ᠶᠢᠨ 8 ᠤ ᠡᠳᠦᠷ᠂ ᠵᠥᠪᠯᠡᠯᠲᠦ ᠬᠤᠯᠪᠣᠭᠠᠲᠤ ᠤᠯᠤᠰ ᠤᠨ ᠵᠠᠰᠠᠭ ᠤᠨ ᠣᠷᠳᠣᠨ  ᠠᠴᠠ 9 ᠤ ᠡᠳᠦᠷ ᠠᠴᠠ ᠡᠬᠢᠯᠡᠨ ᠶᠠᠫᠤᠨ ᠲᠠᠢ ᠳᠠᠶᠢᠲᠤᠬᠤ ᠪᠠᠶᠢᠳᠠᠯ ᠳᠤ ᠣᠷᠣᠨ᠎ᠠ ᠭᠡᠵᠦ ᠬᠤᠯᠪᠣᠭᠠᠲᠤ ᠵᠠᠰᠠᠭ ᠤᠨ ᠣᠷᠳᠣᠨ ᠠᠴᠠ ᠨᠡᠶᠢᠲᠡᠯᠡᠵᠡᠢ᠃ 8 ᠰᠠᠷ᠎ᠠ ᠶᠢᠨ 9 ᠤ ᠡᠳᠦᠷ ᠤᠨ ᠥᠷᠯᠥᠭᠡ᠂ ᠠᠷᠦ ᠪᠠᠶᠢᠭᠠᠯ ᠹᠷᠣᠨᠲ ᠤᠨ ᠴᠡᠷᠢᠭ ᠠᠯᠤᠰ ᠳᠣᠷᠣᠨᠠᠲᠤ ᠶᠢᠨ ᠨᠢᠭᠡᠳᠦᠭᠡᠷ᠂ ᠬᠤᠶᠠᠳᠤᠭᠠᠷ ᠹᠷᠣᠨᠲ ᠤᠨ ᠴᠡᠷᠢᠭ ᠳᠤᠮᠳᠠᠳᠤ ᠤᠯᠤᠰ ᠤᠨ ᠵᠡᠭᠦᠨ ᠬᠤᠶᠢᠲᠤ ᠣᠷᠣᠨ ᠤ ᠪᠠᠷᠠᠭᠤᠨ᠂ ᠤᠮᠠᠷᠠᠲᠤ ᠂ ᠵᠡᠭᠦᠨ ᠠᠴᠠ ᠶᠠᠫᠤᠨ ᠤ ᠵᠡᠭᠦᠨ ᠬᠤᠶᠢᠲᠤ ᠣᠷᠣᠨ ᠤ ᠴᠡᠷᠢᠭ ᠵᠦᠭ ᠪᠦᠬᠦ ᠱᠤᠭᠤᠮ ᠢᠶᠠᠷ ᠰᠢᠷᠦᠭᠦᠨ ᠳᠠᠭᠠᠷᠢᠯᠲᠠ ᠬᠢᠪᠡ᠃ ᠵᠥᠪᠯᠡᠯᠲᠦ ᠶᠢᠨ ᠠᠭᠠᠷ ᠤᠨ ᠴᠡᠷᠢᠭ ᠷᠠᠰᠢᠶᠠᠨ᠂ ᠪᠠᠯᠢᠩ ᠂ ᠤᠭᠤᠴᠠᠨ ᠭᠤᠤ ᠂ ᠰᠣᠯᠣᠨ᠂ ᠲᠡᠪᠰᠡᠭ ᠂ ᠴᠠᠷᠠᠰᠤᠨ ᠂ ᠸᠠᠩ ᠤᠨ ᠰᠦᠮ᠎ᠡ ᠵᠡᠭᠡᠯᠢ ᠵᠡᠷᠭᠡ ᠭᠠᠵᠠᠷ ᠲᠤ ᠨᠢᠰᠦᠨ ᠬᠦᠷᠴᠤ ᠠᠭᠠᠷ ᠳᠡᠭᠡᠷ᠎ᠡ ᠠᠴᠠ ᠲᠠᠩᠨᠠᠬᠤ᠂ ᠳᠡᠯᠪᠡᠴᠢᠬᠦ᠂ ᠰᠢᠷᠪᠢᠨ ᠫᠤᠤᠳᠠᠬᠤ ᠶᠢ ᠶᠠᠪᠤᠭᠳᠠᠭᠤᠯᠪᠠ ᠃ ᠠᠷᠦ ᠪᠠᠶᠢᠭᠠᠯ ᠹᠷᠣᠨᠲ ᠤᠨ ᠴᠡᠷᠢᠭ ᠤᠨ ᠭᠤᠴᠢ ᠶᠢᠰᠦᠳᠦᠭᠡᠷ ᠨᠢᠭᠡᠳᠬᠡᠯ ᠠᠷᠮᠢ ᠶᠢᠨ ᠺᠤᠮᠠᠨᠳᠠᠯᠠᠭᠴᠢ ᠨ᠊ · ᠨ᠊ · ᠯᠢᠤᠳᠧᠨᠢᠺᠤᠹ ᠬᠤᠷᠠᠩᠳᠠ ᠭᠧᠨᠧᠷᠠᠯ  ᠬᠤᠰᠢᠭᠤᠴᠢ ᠴᠡᠷᠢᠭ ᠠᠩᠭᠢ ᠪᠠᠨ ᠵᠢᠯᠣᠭᠤᠳᠤᠨ ᠳᠤᠮᠳᠠᠳᠤ ᠮᠣᠩᠭᠤᠯ ᠤᠨ ᠬᠢᠯᠢ ᠶᠢᠨ ᠵᠠᠭᠠᠭ ᠢ ᠳᠠᠪᠠᠪᠠ᠃ ᠭᠤᠣᠯ ᠬᠦᠴᠦᠨ ᠤ ᠴᠡᠷᠢᠭ ᠠᠩᠭᠢ 4 ᠴᠠᠭ 30 ᠮᠢᠨᠦ᠋ᠲ ᠠᠴᠠ ᠡᠬᠢᠯᠡᠨ ᠲᠠᠭᠠᠷᠢᠯᠳᠠ ᠬᠢᠵᠦ ᠂ ᠴᠡᠷᠢᠭ ᠢᠶᠠᠨ ᠬᠤᠶᠠᠷ ᠵᠠᠮ ᠬᠤᠪᠢᠶᠠᠵᠤ ᠂ ᠳᠡᠭᠡᠳᠦ ᠬᠤᠷᠳᠤᠴᠠ ᠪᠠᠷ ᠶᠡᠭᠡ ᠪᠠᠷ ᠭᠦᠨᠵᠡᠭᠡᠶᠢᠷᠡᠭᠦᠯᠵᠦ ᠂ ᠶᠠᠫᠤᠨ ᠤ ᠭᠤᠸᠠᠨ  ᠳ᠋ᠦᠩ ᠵᠢᠶᠦ᠋ᠨ ᠴᠡᠷᠢᠭ ᠤᠨ ᠪᠠᠬᠢᠯᠡᠯᠲᠡ ᠶᠢᠨ ᠣᠷᠣᠨ ᠢ ᠲᠣᠭᠤᠷᠢᠨ ᠭᠠᠷᠤᠭᠠᠳ ᠰᠢᠪᠲᠤ ᠲᠠᠭᠠᠷᠢᠨ ᠤᠷᠤᠪᠠ ᠃ ᠡᠭᠦᠨ ᠤ ᠳᠣᠲᠣᠷ᠎ᠠ᠂ ᠵᠦᠪᠯᠡᠯᠲᠦ ᠴᠡᠷᠢᠭ ᠶᠢᠨ ᠨᠢᠭᠡᠳᠦᠭᠡᠷ ᠵᠠᠮ ᠤᠨ 39 ᠳ᠋ᠦ᠋ᠭᠡᠷ ᠨᠢᠭᠡᠳᠬᠡᠯ ᠠᠷᠮᠢ ᠶᠢᠨ 61 ᠳ᠋ᠦ᠋ᠭᠡᠷ ᠲᠠᠩᠺ ᠤᠨ ᠳ᠋ᠢᠸᠢᠽᠢ ᠪᠠ 49 ᠳ᠋ᠦ᠋ᠭᠡᠷ᠂ 206 ᠳ᠋ᠤᠭᠠᠷ ᠲᠠᠩᠺ ᠤᠨ ᠪᠠᠷᠢᠭᠠᠳᠠ ᠨᠢ ᠶᠠᠪᠠᠭᠠᠨ ᠴᠡᠷᠢᠭ ᠤᠨ ᠲᠠᠪᠤᠳᠤᠭᠠᠷ ᠠᠷᠮᠢ ᠶᠢᠨ13 ᠳ᠋ᠤᠭᠠᠷ ᠳ᠋ᠢᠸᠢᠽᠢ ᠲᠠᠢ ᠬᠠᠮᠵᠢᠯᠴᠠᠵᠦ ᠪᠥᠬᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠵᠡᠭᠦᠨ ᠬᠡᠰᠡᠭ ᠤᠨ ᠳᠣᠪᠤᠶᠢᠨ ᠭᠠᠷᠤᠭᠰᠠᠨ ᠰᠠᠨ ᠭᠦᠸᠧ ᠱᠠᠨ ᠠᠭᠤᠯᠠᠨ ᠠᠴᠠ ᠲᠠᠭᠠᠷᠢᠯᠳᠠ ᠬᠢᠵᠦ  ᠂ 8 ᠰᠠᠷ᠎ᠠ ᠶᠢᠨ 10 ᠤ ᠡᠳᠦᠷ ᠤᠨ 12 ᠴᠠᠭ ᠲᠤ ᠭᠠᠪᠠᠯᠠ ᠬᠠᠳᠠ ᠶᠢᠨ  ᠵᠡᠭᠦᠨ ᠡᠮᠦᠨ᠎ᠡ ᠬᠥᠨᠳᠡᠢ ᠳ᠋ᠦ  ᠬᠦᠷᠪᠡ ᠃ ᠳᠠᠷᠠᠭ᠎ᠠ ᠪᠠᠷ ᠨᠢ ᠨᠢᠭᠡ ᠰᠠᠯᠠᠭ᠎ᠠ ᠳᠠᠯᠠ ᠨᠠᠶᠠᠨ ᠲᠠᠩᠺ ᠲᠠᠢ ᠴᠡᠷᠢᠭ ᠠᠩᠭᠢ ᠪᠢᠴᠢᠭ ᠲᠠᠢ ᠬᠠᠳᠠ  ᠶᠢᠨ  ᠡᠮᠦᠨ᠎ᠡ ᠡᠴᠡ ᠤᠷᠤᠭᠰᠢᠯᠠᠵᠤ᠂ ᠡᠪᠦᠭᠡᠨ ᠠᠭᠤᠯᠠ ᠶᠢᠨ ᠵᠡᠭᠦᠨ ᠲᠠᠯ᠎ᠠ ᠪᠠᠷ ᠦᠩᠭᠡᠷᠡᠵᠦ᠂ ᠦᠬᠢᠨ ᠳᠠᠪᠠᠭ᠎ᠠ ᠶᠢ ᠳᠠᠪᠠᠵᠤ ᠂ ᠲᠤᠮᠳᠠᠤᠰᠤ ᠳᠠᠭᠠᠤ ᠪᠠᠷᠠᠭᠤᠨ ᠬᠤᠷᠴᠢᠨ ᠤ ᠡᠮᠦᠨᠡᠳᠦ ᠬᠤᠰᠢᠭᠤᠨ ᠤ ᠠᠯᠳᠡᠷ ᠰᠤᠮᠤᠨ ᠤ ᠪᠠᠷᠠᠭᠤᠨ ᠬᠡᠷᠡᠮᠤᠷᠤᠭᠤ ᠨᠡᠪᠳᠡᠷᠡᠨ ᠤᠷᠤᠪᠡ᠃ ᠵᠥᠪᠯᠡᠯᠲᠦ ᠶᠢᠨ ᠴᠡᠷᠢᠭ ᠤᠨ ᠬᠤᠶᠠᠳᠤᠭᠠᠷ ᠵᠠᠮ ᠤᠨ 39 ᠳ᠋ᠦ᠋ᠭᠡᠷ ᠨᠢᠭᠡᠳᠬᠡᠯ ᠠᠷᠮᠢ ᠶᠢᠨ ᠶᠠᠪᠠᠭᠠᠨ ᠴᠡᠷᠢᠭ ᠤᠨ 94 ᠳ᠋ᠦ᠋ᠭᠡᠷ ᠠᠷᠮᠢ ᠵᠢᠴᠢ 124 ᠳ᠋ᠦ᠋ᠭᠡᠷ ᠂ 358 ᠳ᠋ᠤᠭᠠᠷ ᠬᠤᠶᠠᠷ ᠳ᠋ᠢᠸᠢᠽᠢ 8ᠰᠠᠷ᠎ᠠ ᠶᠢᠨ 9 ᠤ ᠡᠳᠦᠷ ᠹᠦ᠋ ᠹᠦ᠋ ᠱᠠᠨ ᠠᠭᠤᠯᠠ︵弗富山︶ ᠂ ᠬᠠᠯᠬ᠎ᠠ ᠭᠤᠣᠯ ᠢᠶᠠᠷ ᠬᠢᠯᠢ ᠳᠤ ᠣᠷᠣᠵᠤ ᠢᠷᠪᠢᠰ ᠪᠠᠯᠭᠠᠰᠦ ᠶᠢ ᠲᠣᠭᠤᠷᠢᠨ ᠭᠠᠷᠴᠦ ᠂ ᠷᠠᠰᠢᠶᠠᠨ ᠤ ᠶᠠᠫᠤᠨ ᠴᠡᠷᠢᠭ ᠤᠨ ᠪᠠᠬᠢᠯᠡᠯᠲᠡ ᠶᠢᠨ ᠰᠡᠷᠭᠡᠶᠢᠯᠡᠯᠲᠡ ᠶᠢᠨ ᠱᠤᠭᠤᠮ ᠢ ᠰᠢᠪᠲᠤᠯᠤᠭᠰᠠᠨ ᠤ ᠳᠠᠷᠠᠭ᠎ᠠ᠂ ᠪᠠᠢ - ᠠ ᠱᠤᠭᠤᠮ  ᠲᠡᠮᠦᠷ ᠵᠠᠮ ᠶᠢ  ᠲᠠᠭᠠᠨ ᠡᠮᠦᠨᠡᠰᠢ ᠤᠷᠤᠭᠰᠢᠯᠠᠵᠤ ᠂ ᠵᠥᠪᠯᠡᠯᠲᠦ ᠵᠢᠨ‌ᠬᠤᠶᠠᠷ ᠵᠠᠮ ᠤᠨ ᠴᠡᠷᠢᠭ 7 ᠡᠳᠦᠷ ᠬᠡᠷᠡᠭᠰᠡᠵᠦ ᠂ ᠬᠢᠩᠭᠠᠨ ᠠᠶᠢᠮᠠᠭ ᠲᠤ ᠲᠦᠷᠢᠮᠡᠬᠡᠶᠢᠯᠡᠨ ᠰᠠᠭᠤᠭᠰᠠᠨ ᠶᠠᠫᠤᠨ ᠤ ᠭᠤᠸᠠᠨ  ᠳ᠋ᠦᠩ ᠵᠢᠶᠦ᠋ᠨ ᠴᠡᠷᠢᠭ ᠢ ᠪᠦᠬᠦᠨ ᠢ ᠰᠥᠨᠥᠭᠡᠪᠡ᠃   8 ᠰᠠᠷ᠎ᠠ ᠶᠢᠨ 9 ᠤ ᠡᠳᠦᠷ ᠠᠴᠠ 14 ᠤ ᠡᠳᠦᠷ ᠪᠣᠯᠲᠠᠯ᠎ᠠ᠂ ᠵᠥᠪᠯᠡᠯᠲᠦ ᠶᠢᠨ ᠴᠡᠷᠢᠭ  ᠪᠠᠷᠠᠭᠤᠨ ᠬᠤᠷᠴᠢᠨ ᠡᠮᠦᠨᠡᠲᠦ ᠬᠤᠰᠢᠭᠤᠨ ᠤ ᠬᠢᠯᠢ  ᠲᠡᠬᠢ ᠶᠠᠫᠤᠨ ᠴᠡᠷᠢᠭ  ᠲᠠᠢ ᠮᠢᠩ ᠱᠦᠢ ᠾᠧ᠂ ᠰᠣᠯᠣᠨ᠂ ᠬᠤᠷᠢᠨ ᠂ ᠳ᠋ᠠᠱᠢᠵᠠᠢ ᠵᠡᠷᠭᠡ ᠭᠠᠵᠠᠷ ᠲᠤ 7 ᠤᠳᠠᠭ᠎ᠠ ᠨᠡᠯᠢᠶᠡᠳ ᠶᠡᠭᠡ  ᠬᠡᠪᠴᠢᠶᠠᠨ ᠤ ᠪᠠᠶᠢᠯᠳᠤᠭᠠᠨ ᠬᠢᠵᠡᠢ᠃ 
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号