ᠮᠢᠩ ᠱᠦᠢ ᠾᠧ ᠲᠡᠷᠭᠡᠨ ᠥᠷᠲᠡᠭᠡᠨ ᠤ ᠪᠠᠶᠢᠯᠳᠤᠭᠠᠨ
ᠨᠡᠶᠢᠲᠡᠯᠡᠭᠰᠡᠨ ᠴᠠᠭ᠄
2022/11/20
    8 ᠰᠠᠷ᠎ᠠ ᠶᠢᠨ 9  ᠤ ᠡᠳᠦᠷ ᠂ ᠶᠠᠫᠤᠨ ᠴᠡᠷᠢᠭ  ᠶᠢᠨ ᠷᠠᠰᠢᠶᠠᠨ ᠂ ᠤᠭᠤᠴᠠᠨ ᠭᠤᠤ ᠱᠤᠭᠤᠮ ᠤᠨ ᠶᠠᠫᠤᠨ ᠤ ᠪᠠᠢᠷᠢᠰᠢᠭᠤᠯᠵᠦ ᠪᠠᠢᠭᠰᠠᠨᠭᠤᠸᠠᠨ ᠳ᠋ᠦᠩ ᠵᠢᠶᠦ᠋ᠨ ᠴᠡᠷᠢᠭ  ᠭᠤᠷᠪᠠᠳᠤᠭᠠᠷ ᠹᠷᠣᠨᠲ ᠤᠨ ᠴᠡᠷᠢᠭ ᠤᠨ 107 ᠳ᠋ᠤᠭᠠᠷ ᠳ᠋ᠢᠸᠢᠽᠢ ᠶᠢᠨ ᠬᠤᠷᠢᠶ᠎ᠠ ᠨᠢ ᠵᠦᠪᠯᠡᠯᠳᠦ ᠶᠢᠨ ᠴᠡᠷᠢᠭ ᠤᠨ ᠠᠭᠠᠷ ᠤᠨ ᠴᠡᠷᠢᠭ ᠲᠤ ᠳᠡᠯᠪᠡᠴᠢᠭᠳᠡᠭᠰᠡᠨ ᠤ ᠲᠠᠷᠠᠭ᠎ᠠ ᠂ ᠪᠠᠢ - ᠠ ᠱᠤᠭᠤᠮ ᠤᠨ ᠳᠠᠭᠠᠤ ᠡᠮᠦᠨᠡᠰᠢ ᠤᠬᠤᠷᠢᠪᠠ ᠃ 10 ᠤ ᠡᠳᠦᠷ ᠤᠨ 16 ᠴᠠᠭ ᠲᠤ ᠶᠠᠫᠤᠨ ᠤ ᠴᠡᠷᠢᠭ ᠮᠢᠩ ᠱᠦᠢ ᠾᠧ  ᠳᠤ ᠤᠬᠤᠷᠢᠨ ᠬᠦᠷᠬᠦ ᠦᠶ᠎ᠡ ᠳᠤ ᠂ ᠲᠡᠮᠡᠭᠡᠨ ᠵᠠᠯᠠᠭ᠎ᠠ ᠪᠠᠷ ᠲᠣᠭᠤᠷᠢᠨ ᠪᠦᠰᠡᠯᠡᠵᠦ ᠢᠷᠡᠭᠰᠡᠨ ᠵᠥᠪᠯᠡᠯᠲᠦ ᠶᠢᠨ ᠴᠡᠷᠢᠭ ᠲᠤ ᠬᠠᠰᠢᠭᠳᠠᠨ ᠴᠣᠬᠢᠭᠳᠠᠪᠠ ᠃ ᠵᠥᠪᠯᠡᠯᠲᠦ ᠶᠢᠨ ᠴᠡᠷᠢᠭ ᠮᠢᠩ ᠱᠦᠢ ᠾᠧ ᠲᠡᠷᠭᠡᠨ ᠦᠷᠳᠡᠭᠡ  ᠪᠠ ᠮᠢᠩ ᠱᠦᠢ ᠾᠧ ᠶᠢᠨ ᠵᠡᠭᠦᠨ ᠠᠭᠤᠯᠠᠨ ᠢ ᠡᠵᠡᠯᠡᠵᠦ᠂ ᠶᠠᠫᠤᠨ ᠴᠡᠷᠢᠭ ᠢ ᠫᠤᠤᠳᠠᠭᠰᠠᠨ ᠳᠤ ᠶᠠᠫᠤᠨ ᠴᠡᠷᠢᠭ ᠠᠷᠭ᠎ᠠ ᠪᠤᠰᠤ ᠮᠢᠩ ᠱᠦᠢ ᠾᠧ ᠭᠤᠣᠯ ᠤᠨ ᠪᠠᠷᠠᠭᠤᠨ ᠠᠭᠤᠯᠠ ᠶᠢ ᠡᠵᠡᠯᠡᠨ ᠵᠥᠪᠯᠡᠯᠲᠦ ᠶᠢᠨ ᠴᠡᠷᠢᠭ ᠲᠠᠢ ᠪᠤᠷᠤᠩᠬᠤᠶᠢᠯᠠᠨ ᠡᠰᠡᠷᠭᠦᠴᠡᠵᠡᠢ᠃ ᠪᠠᠶᠢᠯᠳᠤᠭᠠᠨ ᠨᠢᠭᠡ ᠡᠳᠦᠷ ᠰᠥᠨᠢ  ᠦᠷᠭᠦᠯᠵᠢᠯᠡᠵᠦ ᠂ᠵᠥᠪᠯᠡᠯᠲᠦ ᠶᠢᠨ ᠴᠡᠷᠢᠭ 30 ᠬᠥᠮᠥᠨ ᠦᠬᠦᠵᠦ ᠰᠢᠷᠠᠭᠳᠠᠵᠤ ᠂ ᠶᠠᠫᠤᠨ ᠴᠡᠷᠢᠭ 400 ᠭᠠᠷᠤᠢ ᠬᠥᠮᠥᠨ ᠦᠬᠦᠵᠦ ᠰᠢᠷᠬᠠᠲᠤᠪᠠ᠃1500 ᠭᠠᠷᠤᠢ ᠶᠠᠫᠤᠨ ᠴᠡᠷᠢᠭ ᠢᠯᠠᠭᠳᠠᠨ  ᠢᠨᠳᠡᠷ ᠲᠤ ᠳᠤᠲᠠᠭᠠᠨ ᠬᠦᠷᠴᠦ ᠵᠥᠪᠯᠡᠯᠲᠦ ᠶᠢᠨ ᠴᠡᠷᠢᠭ ᠲᠤ ᠵᠡᠪᠰᠡᠭ  ᠢᠶᠠᠨ ᠲᠤᠰᠢᠶᠠᠪᠠ ᠃ 
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号