ᠶᠢᠨ ᠱᠠᠨ ᠲᠦᠨ ᠲᠤᠰᠬᠤᠨ ᠤ ᠪᠠᠶᠢᠯᠳᠤᠭᠠᠨ
ᠨᠡᠶᠢᠲᠡᠯᠡᠭᠰᠡᠨ ᠴᠠᠭ᠄
2022/11/26
     1945 ᠤᠨ ᠤ 8 ᠰᠠᠷ᠎ᠠ ᠶᠢᠨ 12  ᠤ ᠡᠳᠦᠷ᠂ ᠶᠠᠫᠤᠨ ᠴᠡᠷᠢᠭ ᠤᠨ 400 ᠭᠠᠷᠤᠢ ᠬᠥᠮᠥᠨ ᠬᠤᠷᠢᠨ ᠤ ᠶᠡᠭᠡ ᠬᠥᠭᠦᠷᠭᠡ ᠶᠢᠨ ᠣᠷᠴᠢᠮ ᠵᠥᠪᠯᠡᠯᠲᠦ ᠶᠢᠨ ᠴᠡᠷᠢᠭ ᠤᠨ ᠠᠭᠠᠷ ᠤᠨ ᠴᠡᠷᠢᠭ ᠲᠤ ᠲᠡᠯᠪᠡᠴᠢᠭᠳᠡᠵᠦ᠂10 ᠭᠠᠷᠤᠢ ᠬᠥᠮᠥᠨ ᠢ ᠳᠡᠯᠪᠡᠴᠢᠨ ᠠᠯᠠᠵᠤ᠂ ᠦᠯᠡᠳᠡᠭᠰᠡᠨ ᠨᠢ ᠶᠠᠬᠡ  ᠭᠤᠷᠪᠡᠨ ᠭᠡᠷ ᠠᠴᠠ ᠤᠮᠠᠷᠠᠰᠢᠬᠢ ᠦᠨᠳᠦᠷ ᠭᠠᠵᠠᠷ ᠳ᠋ᠦ ᠤᠬᠤᠷᠢᠨ ᠣᠴᠢᠵᠤ ᠪᠠᠬᠢᠯᠡᠯᠲᠡ ᠪᠠᠶᠢᠭᠤᠯᠤᠨ ᠪᠤᠷᠤᠩᠬᠤᠶᠢᠯᠠᠨ ᠡᠰᠡᠷᠭᠦᠴᠡᠵᠡᠢ᠃ ᠵᠥᠪᠯᠡᠯᠲᠦ ᠶᠢᠨ ᠴᠡᠷᠢᠭ ᠤᠨ ᠨᠢᠭᠡ ᠵᠢᠯᠣᠭᠤᠳᠤᠭᠴᠢ ᠡᠭᠴᠡ ᠨᠢᠰᠬᠡᠯ ᠢᠶᠠᠷ ᠵᠦᠪᠯᠡᠯᠳᠦ ᠶᠢᠨ ᠴᠡᠷᠢᠭ ᠤᠨ ᠪᠠᠬᠢᠯᠡᠯᠲᠡ ᠰᠠᠭᠤᠷᠢᠨ ᠭᠠᠵᠠᠷ ᠳᠤ ᠪᠠᠭᠤᠵᠤ ᠂ ᠵᠦᠪᠯᠡᠯᠳᠦ ᠶᠢᠨ ᠴᠡᠷᠢᠭ ᠢ ᠵᠢᠯᠣᠭᠤᠳᠤᠨ ᠶᠠᠬᠡ  ᠭᠤᠷᠪᠡᠨ ᠭᠡᠷ  ᠶᠢᠨ ᠪᠠᠷᠠᠭᠤᠨ ᠬᠤᠶᠢᠲᠤ ᠲᠠᠯ᠎ᠠ ᠠᠴᠠ ᠶᠠᠫᠤᠨ ᠴᠡᠷᠢᠭ ᠵᠦᠭ ᠰᠢᠷᠦᠭᠦᠨ ᠳᠠᠭᠠᠷᠢᠯᠲᠠ ᠶᠠᠪᠤᠭᠤᠯᠪᠠ ᠃ ᠬᠤᠶᠠᠷ ᠲᠠᠯ᠎ᠠ ᠶᠢᠨ ᠴᠡᠷᠢᠭ 4 ᠴᠠᠭ ᠰᠢᠷᠦᠭᠦᠨ ᠪᠠᠢᠯᠳᠤᠵᠤ᠂ ᠶᠠᠫᠤᠨ ᠴᠡᠷᠢᠭ ᠤᠨ ᠦᠬᠦᠯ ᠰᠢᠷᠬᠠᠲᠤᠯ ᠮᠠᠰᠢ ᠤᠯᠠᠨ ᠪᠠᠢᠵᠦ ᠂ ᠦᠯᠡᠳᠡᠭᠰᠡᠨ ᠨᠢ ᠤᠬᠤᠷᠢᠭᠠᠳ‌ᠵᠢᠨ ᠱᠠᠨ ᠲᠦᠨ ᠲᠣᠰᠬᠤᠨ ᠤ ᠵᠡᠭᠦᠨ ᠠᠭᠤᠯᠠᠨ ᠳᠤ ᠬᠦᠷᠴᠡᠢ᠃ ᠵᠥᠪᠯᠡᠯᠲᠦ ᠶᠢᠨ ᠴᠡᠷᠢᠭ ᠢᠯᠠᠯᠲᠠ ᠶᠢᠨ ᠡᠷᠴᠢᠨ ᠳᠡᠭᠡᠷ᠎ᠡ ᠪᠠᠨ ᠨᠡᠬᠡᠨ ᠴᠣᠬᠢᠵᠤ ᠂ ᠲᠡᠬᠢ ᠶᠢᠨ ᠠᠢᠯ ᠤᠨ  ᠬᠤᠢᠳᠦ ᠠᠭᠤᠯᠠ ᠶᠢ ᠡᠵᠡᠯᠡᠪᠡ᠃ 13 ᠤ ᠡᠳᠦᠷ ᠂ ᠬᠤᠶᠠᠷ ᠲᠠᠯ᠎ᠠ ᠪᠠᠷ ᠢᠶᠠᠨ ᠠᠭᠠᠳᠡᠷ ᠪᠣᠷᠣᠭᠠᠨ ᠰᠢᠪᠠᠷ ᠱᠠᠯᠴᠢᠭ ᠤᠨ ᠳᠤᠮᠳᠠ ᠦᠷᠭᠦᠯᠵᠢᠯᠡᠨ ᠰᠢᠷᠦᠭᠦᠨ ᠪᠠᠶᠢᠯᠳᠤᠭᠠᠨ ᠬᠢᠪᠡ ᠃ ᠶᠠᠫᠤᠨ ᠴᠡᠷᠢᠭ ᠮᠠᠯ  ᠤᠨ ᠠᠭᠤᠯᠠ ᠳᠠᠬᠢ ᠶᠡᠭᠡ ᠫᠤᠤ  ᠪᠠᠨ 21 ᠬᠠᠶᠠᠵᠤ ᠲᠤᠳᠠᠭᠠᠵᠦ ᠂ ᠯᠢᠶᠠᠨ ᠾᠧ ᠲᠤᠰᠬᠤᠨ  ᠤ ᠠᠷᠦ ᠵᠢᠯᠠᠭ᠎ᠠ ᠳᠤ ᠤᠬᠤᠷᠢᠪᠠ᠃14 ᠤ ᠡᠳᠦᠷ ᠤᠨ ᠦᠦᠷ ᠴᠠᠶᠢᠬᠤ ᠶᠢᠨ ᠦᠶ᠎ᠡ ᠪᠠᠷ ᠵᠥᠪᠯᠡᠯᠲᠦ ᠶᠢᠨ ᠴᠡᠷᠢᠭ ᠶᠡᠷᠦᠩᠬᠡᠢ ᠳᠠᠭᠠᠷᠢᠯᠲᠠ ᠶᠠᠪᠤᠭᠤᠯᠵᠤ᠂ ᠶᠠᠫᠤᠨ ᠴᠡᠷᠢᠭ ᠤᠨ ᠣᠯᠠᠩᠬᠢ ᠨᠢ ᠰᠥᠨᠥᠭᠡᠭᠳᠡᠵᠦ᠂ ᠦᠯᠡᠳᠡᠭᠰᠡᠨ ᠴᠡᠷᠢᠭ ᠤᠳ ᠨᠢ ᠵᠦᠭ ᠪᠦᠷᠢ ᠪᠤᠳᠠᠷᠠᠨ ᠰᠠᠷᠨᠢᠵᠠᠢ᠃   
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号