ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠪᠠᠴᠢᠮ ᠶᠠᠭᠠᠷᠠᠯᠲᠠᠢ ᠬᠠᠪᠤᠷ ᠤᠨ ᠲᠠᠷᠢᠶᠠᠯᠠᠭ᠎ᠠ ᠶᠢᠨ ᠠᠵᠢᠯ ᠢᠶᠠᠨ ᠡᠬᠢᠯᠡᠭᠦᠯᠵᠤ ᠪᠠᠶᠢᠨ᠎ᠠ
ᠨᠡᠶᠢᠲᠡᠯᠡᠭᠰᠡᠨ ᠴᠠᠭ᠄
2022/5/12
    ᠬᠠᠪᠤᠷ ᠤᠨ ᠲᠠᠷᠢᠶᠠᠯᠠᠭ᠎ᠠ ᠶᠢᠨ ᠤᠯᠠᠷᠢᠯ ᠳᠤ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠡᠯ᠎ᠡ ᠭᠠᠵᠠᠷ ᠤᠨ ᠬᠥᠳᠡᠭᠡ ᠠᠵᠤ ᠠᠬᠤᠢ ᠶᠢᠨ ᠦᠢᠯᠡᠳᠪᠦᠷᠢᠯᠡᠯ ᠵᠠᠯᠭᠠᠭ᠎ᠠ ᠪᠠᠷ ᠥᠷᠨᠢᠪᠡ᠃ ᠬᠦᠯᠡᠮᠵᠢ ᠳᠤ ᠳᠠᠷᠢᠵᠤ᠂ ᠲᠠᠷᠢᠶᠠᠨ ᠳᠤ ᠳᠠᠷᠢᠵᠤ᠂ ᠤᠰᠤᠨ ᠲᠤᠲᠤᠷᠭ᠎ᠠ ᠪᠠᠷ ᠴᠢᠬᠢ ᠪᠣᠶᠢᠵᠢᠭᠤᠯᠤᠨ᠎ᠠ…ᠬᠠᠪᠤᠷ ᠤᠨ ᠲᠠᠷᠢᠶᠠᠯᠠᠭ᠎ᠠ ᠶᠢᠨ ᠵᠢᠷᠤᠭ ᠤᠳ ᠢ ᠠᠭᠠᠵᠢᠮ ᠢᠶᠠᠷ ᠳᠡᠯᠭᠡᠪᠡ᠃    ᠣᠳᠣᠬᠠᠨ ᠳᠤ᠂ ᠬᠦᠯᠡᠮᠵᠢ ᠶᠢᠨ ᠠᠮᠲᠠᠲᠤ ᠬᠡᠮᠬᠡ ᠶᠢᠨ ᠤᠷᠭᠤᠯᠲᠠ ᠶᠢᠨ ᠴᠢᠬᠤᠯᠠ ᠴᠠᠭ ᠦᠶ᠎ᠡ ᠪᠣᠯᠣᠨ᠎ᠠ᠂ ᠡᠨᠡ ᠬᠡᠳᠦᠨ ᠡᠳᠦᠷ᠂  ᠵᠢᠷᠦᠭᠡᠨ ᠪᠠᠯᠭᠠᠰᠤᠨ ᠤ ᠬᠤᠩ ᠰᠢᠨ ᠲᠣᠰᠬᠤᠨ ᠤ ᠲᠥᠬᠦᠭᠡᠷᠦᠮᠵᠢᠲᠦ ᠲᠠᠷᠢᠶᠠᠯᠠᠩ ᠤᠨ ᠬᠦᠷᠢᠶᠡᠯᠡᠩ ᠲᠣᠭᠤᠷᠢᠭ ᠤᠨ ᠭᠤᠸᠠ ᠶᠢᠨ ᠰᠠᠷᠠᠪᠴᠢᠨ ᠳᠤ᠂ ᠨᠢᠭᠡ ᠳᠠᠯᠠᠩ ᠤᠨ ᠲᠠᠷᠢᠶ᠎ᠠ ᠶᠢᠨ ᠴᠢᠬᠢ ᠲᠡᠷᠢ ᠲᠡᠭᠰᠢ ᠨᠣᠭᠤᠭᠠᠷᠠᠵᠤ᠂ ᠠᠮᠲᠠᠲᠤ ᠬᠡᠮᠬᠡ ᠶᠢᠨ ᠲᠠᠷᠢᠮᠠᠯ ᠤᠨ ᠡᠷᠦᠬᠡ ᠨᠦᠭᠦᠳ ᠲᠠᠷᠢᠶᠠᠨ ᠴᠠᠭ ᠢ ᠠᠮᠵᠢᠨ ᠲᠠᠷᠢᠶ᠎ᠠ ᠶᠢᠨ ᠴᠢᠬᠢ ᠶᠢᠨ ᠦᠵᠦᠭᠦᠷ ᠢ ᠴᠢᠮᠬᠢᠵᠦ᠂ ᠠᠮᠲᠠᠲᠤ ᠬᠡᠮᠬᠡ ᠶᠢᠨ ᠴᠢᠬᠢ ᠶᠢᠨ ᠰᠢᠮ᠎ᠡ ᠲᠡᠵᠢᠭᠡᠯ ᠤᠨ ᠬᠠᠩᠭᠠᠯᠭ᠎ᠠ ᠶᠢ ᠪᠠᠲᠤᠯᠠᠵᠤ᠂ ᠡᠯᠪᠡᠭ ᠬᠤᠷᠢᠶᠠᠯᠲᠠ ᠳᠤ ᠰᠠᠶᠢᠨ ᠰᠠᠭᠤᠷᠢ ᠲᠠᠯᠪᠢᠵᠤ ᠪᠠᠶᠢᠨ᠎ᠠ᠃ ᠠᠮᠲᠠᠲᠤ ᠬᠡᠮᠬᠡ ᠶᠢᠨ ᠲᠠᠷᠢᠮᠠᠯ ᠤᠨ ᠬᠦᠯᠡᠮᠵᠢ ᠶᠢᠨ ᠬᠠᠵᠠᠭᠤ ᠳᠤ ᠲᠠᠷᠪᠤᠰ ᠤᠨ ᠴᠢᠬᠢ ᠶᠢ ᠴᠦ ᠲᠠᠷᠢᠵᠦ ᠳᠠᠭᠤᠰᠬᠠᠭᠠᠳ᠂ ᠵᠢᠱᠢᠯᠲᠡ ᠪᠠᠷ ᠲᠤᠯᠤᠭ᠎ᠠ ᠨᠠᠢᠮᠠᠨ ᠰᠠᠷ᠎ᠠ ᠶᠢᠨ ᠣᠷᠴᠢᠮ ᠢᠶᠠᠷ ᠵᠠᠬ᠎ᠠ ᠳᠡᠯᠭᠡᠭᠦᠷ ᠲᠤ ᠭᠠᠷᠬᠤ ᠪᠣᠯᠣᠨ᠎ᠠ᠃     ᠪᠤᠷᠭᠠᠰᠤᠲᠠᠢ ᠰᠢᠶᠠᠩ ᠤᠨ ᠢ ᠾᠧ ᠲᠣᠰᠬᠤᠨ ᠳᠤ᠂ ᠦᠷ᠎ᠡ ᠰᠠᠴᠤᠬᠤ ᠦᠷ᠎ᠡ ᠠᠰᠢᠭ ᠢ ᠳᠡᠭᠡᠭᠰᠢᠯᠡᠭᠦᠯᠵᠦ᠂ ᠬᠥᠮᠥᠨ ᠤ ᠬᠦᠴᠦ ᠶᠢ ᠠᠷᠪᠢᠯᠠᠬᠤ ᠶᠢᠨ ᠲᠥᠯᠥᠭᠡ᠂ ᠣᠯᠠᠩᠬᠢ ᠲᠣᠰᠬᠤᠨ ᠤ ᠠᠷᠠᠳ ᠦᠯᠦ ᠬᠠᠭᠠᠯᠪᠤᠷᠢᠯᠠᠬᠤ ᠮᠠᠰᠢᠨ ᠢᠶᠠᠷ ᠦᠷ᠎ᠡ ᠰᠠᠴᠤᠬᠤ ᠶᠢ ᠰᠣᠩᠭᠤᠵᠠᠢ᠃ ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠭᠠᠵᠠᠷ ᠰᠢᠷᠣᠢ ᠳᠡᠭᠡᠷ᠎ᠡ᠂ ᠲᠣᠰᠬᠤᠨ ᠤ ᠠᠷᠠᠳ ᠶᠠᠭ ᠦᠷ᠎ᠡ ᠶᠢᠨ ᠬᠢᠮᠢ ᠶᠢᠨ ᠪᠣᠷᠳᠣᠭᠤᠷ ᠢ ᠤᠭᠰᠠᠷᠠᠵᠤ᠂ ᠴᠢᠬᠢ ᠶᠢᠨ ᠬᠤᠭᠤᠷᠣᠨᠳᠣᠬᠢ ᠵᠠᠢ ᠶᠢ ᠲᠣᠬᠢᠷᠠᠭᠤᠯᠤᠨ ᠲᠤᠷᠰᠢᠵᠤ᠂ ᠬᠠᠭᠠᠯᠪᠤᠷᠢᠯᠠᠬᠤ ᠦᠭᠡᠢ ᠪᠠᠷ ᠲᠠᠷᠢᠬᠤ ᠮᠠᠰᠢᠨ ᠢᠶᠠᠷ ᠲᠠᠷᠢᠶᠠᠨ ᠳᠤ ᠨᠠᠰᠢ ᠴᠠᠰᠢ ᠰᠦᠯᠵᠢᠯᠳᠦᠵᠦ᠂ ᠡᠷᠳᠡᠨᠢ ᠰᠢᠰᠢ ᠶᠢ ᠬᠠᠭᠠᠯᠪᠤᠷᠢᠯᠠᠬᠤ ᠦᠭᠡᠢ ᠪᠠᠷ ᠲᠠᠷᠢᠬᠤ ᠠᠵᠢᠯ ᠢ ᠬᠢᠵᠦ᠂ ᠲᠣᠰᠬᠤᠨ ᠤ ᠠᠷᠠᠳ ᠴᠠᠭ ᠪᠢᠳᠡᠨ ᠢ ᠬᠦᠯᠢᠶᠡᠬᠦ ᠦᠭᠡᠢ ᠡᠷᠴᠢ ᠵᠣᠷᠢᠭ ᠢᠶᠠᠷ ᠬᠠᠪᠤᠷ ᠤᠨ ᠲᠠᠷᠢᠶᠠᠯᠠᠭ᠎ᠠ ᠶᠢᠨ ᠦᠢᠯᠡᠳᠪᠦᠷᠢᠯᠡᠯ ᠢ ᠰᠠᠶᠢᠲᠤᠷ ᠠᠳᠬᠤᠨ᠎ᠠ᠃     ᠭᠦᠢᠯᠡᠷ ᠪᠠᠯᠭᠠᠰᠤᠨ ᠤ ᠪᠠᠶᠠᠨᠵᠢᠷᠦᠭᠡ ᠭᠠᠴᠠᠭᠠᠨ ᠤ ᠠᠷᠠᠳ ᠴᠧᠩ ᠯᠢ ᠵᠦᠩ ᠤᠰᠤᠨ ᠲᠤᠲᠤᠷᠭ᠎ᠠ ᠶᠢᠨ ᠴᠢᠬᠢ ᠪᠣᠶᠢᠵᠢᠭᠤᠯᠬᠤ ᠠᠵᠢᠯ ᠢ ᠪᠦᠬᠦᠨ ᠢ ᠬᠢᠵᠦ ᠳᠠᠭᠤᠰᠬᠠᠪᠠ᠃ ᠡᠨᠡ ᠵᠢᠯ᠂ ᠴᠧᠩ ᠯᠢ ᠵᠥᠩ ᠲᠠᠷᠢᠶᠠᠯᠠᠩ ᠳᠤ ᠬᠡᠷᠡᠭᠯᠡᠬᠦ ᠡᠳ᠋ ᠪᠣᠳᠠᠰ ᠢ ᠡᠷᠲᠡ ᠠᠴᠠ ᠭᠦᠢᠴᠡᠳ ᠪᠡᠯᠡᠳᠬᠡᠵᠦ᠂ ᠤᠰᠤᠨ ᠲᠤᠲᠤᠷᠭ᠎ᠠ ᠶᠢᠨ ᠰᠢᠨ᠎ᠡ ᠡᠭᠦᠯᠳᠡᠷ ᠢ ᠣᠷᠣᠭᠤᠯᠤᠨ ᠠᠪᠴᠢᠷᠠᠵᠤ᠂ 1400 ᠭᠠᠷᠤᠢ ᠲᠠᠪᠠᠭ ᠴᠢᠬᠢ ᠪᠣᠶᠢᠵᠢᠭᠤᠯᠤᠨ᠂ 30 ᠭᠠᠷᠤᠢ ᠮᠦ ᠤᠰᠤᠨ ᠲᠤᠲᠤᠷᠭ᠎ᠠ ᠳᠠᠷᠢᠬᠤ ᠪᠠᠷ ᠲᠥᠯᠥᠪᠯᠡᠵᠦ᠂ ᠨᠠᠮᠤᠷ ᠤᠨ ᠤᠯᠠᠷᠢᠯ ᠳᠤ ᠡᠯᠪᠡᠭ ᠬᠤᠷᠢᠶᠠᠯᠲᠠ ᠣᠯᠬᠤ ᠶᠢ ᠬᠦᠰᠡᠵᠦ ᠪᠠᠶᠢᠨ᠎ᠠ᠃    ᠣᠳᠣᠬᠠᠨ ᠳᠤ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠬᠠᠪᠤᠷ ᠤᠨ ᠲᠠᠷᠢᠶᠠᠯᠠᠭ᠎ᠠ ᠶᠢᠨ ᠦᠢᠯᠡᠳᠪᠦᠷᠢᠯᠡᠯ ᠡᠮᠦᠨ᠎ᠡ ᠠᠴᠠ ᠬᠤᠶᠢᠰᠢ ᠵᠠᠯᠭᠠᠪᠡᠷ ᠶᠠᠪᠤᠭᠳᠠᠵᠤ᠂ 15 ᠲᠦᠮᠡᠨ ᠮᠦ ᠤᠰᠤᠨ ᠲᠤᠲᠤᠷᠭ᠎ᠠ ᠶᠢᠨ ᠴᠢᠬᠢ ᠪᠣᠶᠢᠵᠢᠭᠤᠯᠬᠤ ᠠᠵᠢᠯ ᠪᠦᠬᠦᠨ ᠢᠶᠠᠷ ᠢᠶᠠᠨ ᠳᠠᠭᠤᠰᠪᠠ᠃  ᠨᠡᠲᠦᠭᠡᠷ ᠪᠠᠯᠭᠠᠰᠤ᠂ ᠡᠷᠬᠢᠲᠦ ᠪᠠᠯᠭᠠᠰᠤ᠂ ᠵᠢᠷᠦᠭᠡᠨ ᠪᠠᠯᠭᠠᠰᠤ᠂ ᠬᠤᠷᠴᠢᠨ ᠪᠠᠯᠭᠠᠰᠤ᠂ ᠪᠤᠷᠭᠠᠰᠤᠲᠠᠢ ᠰᠢᠶᠠᠩ᠂ ᠳ᠋ᠠᠱᠢᠽᠠᠢ ᠪᠠᠯᠭᠠᠰᠤ᠂  ᠯᠢᠥᠱᠦᠢ ᠶᠢᠨ ᠡᠭᠦᠯᠳᠡᠷ ᠤᠨ ᠮᠠᠯ ᠦᠷᠡᠵᠢᠭᠦᠯᠦᠨ ᠪᠣᠶᠢᠵᠢᠭᠤᠯᠬᠤ ᠲᠥᠪ ᠵᠡᠷᠭᠡ ᠭᠠᠵᠠᠷ ᠲᠤ ᠨᠢᠭᠡᠨᠲᠡ ᠡᠷᠳᠡᠨᠢ ᠰᠢᠰᠢ᠂ ᠪᠤᠭᠤᠳᠠᠢ᠂ ᠰᠢᠷ᠎ᠠ ᠪᠤᠷᠴᠠᠭ ᠵᠢᠴᠢ ᠡᠯᠳᠡᠪ ᠠᠮᠤ ᠶᠢᠨ ᠬᠠᠪᠤᠷ ᠤᠨ ᠲᠠᠷᠢᠶᠠᠯᠠᠭ᠎ᠠ ᠶᠢ ᠡᠬᠢᠯᠡᠨ ᠬᠢᠵᠦ᠂ ᠪᠦᠷᠬᠦᠪᠴᠢ ᠪᠠᠷ ᠳᠠᠷᠢᠬᠤ ᠪᠠ ᠬᠠᠭᠠᠯᠪᠤᠷᠢᠯᠠᠬᠤ ᠦᠭᠡᠢ ᠪᠠᠷ ᠳᠠᠷᠢᠬᠤ ᠪᠠᠷ ᠭᠤᠣᠯ ᠪᠣᠯᠭᠠᠭᠰᠠᠨ ᠳᠠᠷᠢᠬᠤ ᠲᠠᠯᠠᠪᠠᠶ ᠨᠢᠭᠡᠨᠲᠡ 81 ᠲᠦᠮᠡᠨ ᠮᠦ ᠶᠢ ᠳᠠᠪᠠᠪᠠ᠃ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠡᠷᠦᠬᠡ ᠳᠤ ᠣᠷᠣᠭᠰᠠᠨ ᠨᠣᠷᠮ᠎ᠠ 95% ᠶᠢ ᠳᠠᠪᠠᠵᠠᠢ᠃ ᠲᠠᠷᠢᠶᠠᠯᠠᠩ ᠤᠨ ᠮᠠᠰᠢᠨ ᠤ ᠮᠡᠷᠭᠡᠵᠢᠯ ᠤᠨ ᠠᠵᠢᠯᠲᠠᠳ ᠪᠦᠬᠦᠨ ᠢᠶᠠᠷ ᠢᠶᠠᠨ ᠭᠠᠴᠠᠭ᠎ᠠ ᠲᠣᠰᠬᠤᠨ ᠳᠤ ᠣᠷᠣᠵᠤ ᠮᠠᠰᠢᠨ ᠮᠧᠬᠠᠨᠢᠭ ᠢ ᠠᠷᠠᠴᠢᠯᠠᠨ ᠬᠠᠮᠠᠭᠠᠯᠠᠬᠤ᠂ ᠲᠣᠬᠢᠷᠠᠭᠤᠯᠤᠨ ᠲᠤᠷᠰᠢᠬᠤ᠂ ᠪᠠᠶᠢᠴᠠᠭᠠᠨ ᠵᠠᠰᠠᠬᠤ ᠪᠠ ᠲᠠᠷᠢᠶᠠᠯᠠᠩ ᠤᠨ ᠮᠠᠰᠢᠨ ᠪᠠᠭᠠᠵᠢ ᠶᠢ ᠬᠡᠷᠡᠭᠯᠡᠬᠦ ᠶᠢ ᠵᠢᠯᠤᠭᠤᠳᠴᠤ᠂ ᠲᠣᠮᠣ ᠬᠡᠯᠪᠡᠷᠢ ᠶᠢᠨ ᠲᠠᠷᠢᠶᠠᠯᠠᠩ ᠤᠨ ᠮᠠᠰᠢᠨ ᠪᠠᠭᠠᠵᠢ ᠶᠢ ᠰᠢᠯᠵᠢᠭᠦᠯᠦᠨ ᠲᠣᠬᠢᠷᠠᠭᠤᠯᠬᠤ ᠵᠢᠴᠢ ᠣᠷᠣᠨ ᠠᠯᠤᠰᠯᠠᠨ ᠠᠵᠢᠯᠯᠠᠬᠤ ᠶᠢ ᠳᠠᠶᠢᠴᠢᠯᠠᠬᠤ ᠠᠵᠢᠯ ᠢ ᠨᠢᠭᠡᠨᠲᠡ ᠪᠦᠬᠦᠨ ᠢ ᠪᠡᠶᠡᠯᠡᠭᠦᠯᠪᠡ᠃ 
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号