ᠶᠤᠸᠠᠢ ᠰᠥᠩ ᠱᠠᠨ ᠬᠦᠴᠢᠷᠳᠡᠯ ᠲᠠᠢ ᠣᠯᠠᠨ ᠲᠦᠮᠡᠨ  ᠢ  ᠪᠤᠯᠭᠤᠭᠠᠨ ᠲᠣᠬᠤᠨᠢᠭᠤᠯᠪᠠ
ᠨᠡᠶᠢᠲᠡᠯᠡᠭᠰᠡᠨ ᠴᠠᠭ᠄
2023/1/20
     1 ᠰᠠᠷ᠎ᠠ ᠶᠢᠨ 13 ᠤ ᠡᠳᠦᠷ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠶᠤᠸᠠᠢ ᠰᠥᠩ ᠱᠠᠨ ᠡᠷᠬᠢᠲᠦ ᠪᠠᠯᠭᠠᠰᠤᠨ ᠤ ᠯᠢᠦ ᠾᠧ ᠭᠠᠴᠠᠭᠠᠨ ᠤ ᠬᠡᠰᠡᠭ ᠬᠦᠴᠢᠷᠳᠡᠯᠲᠡᠢ ᠣᠯᠠᠨ ᠲᠦᠮᠡᠨ ᠤ ᠭᠡᠷ ᠲᠤ ᠬᠦᠷᠴᠦ᠂ ᠪᠠᠶᠠᠷ ᠤᠨ ᠡᠳᠦᠷ ᠠᠴᠠ ᠡᠮᠦᠨ᠎ᠡ ᠲᠣᠬᠤᠨᠢᠭᠤᠯᠬᠤ ᠠᠵᠢᠯᠯᠠᠭ᠎ᠠ ᠥᠷᠨᠢᠭᠦᠯᠵᠦ᠂ ᠨᠠᠮ ᠪᠠ ᠵᠠᠰᠠᠭ ᠤᠨ ᠣᠷᠳᠣᠨ ᠤ ᠬᠠᠯᠠᠮᠵᠢᠯᠠᠯ ᠪᠠ ᠬᠠᠶᠢᠷ᠎ᠠ ᠬᠠᠯᠠᠮᠵᠢ ᠶᠢ ᠬᠦᠴᠢᠷᠳᠡᠯᠲᠡᠢ ᠣᠯᠠᠨ ᠲᠦᠮᠡᠨ ᠤ ᠭᠡᠷ ᠲᠤ ᠬᠦᠷᠭᠡᠵᠡᠢ᠃     ᠶᠤᠸᠠᠢ ᠰᠦᠩ ᠱᠠᠨ ᠵᠡᠷᠭᠡ ᠬᠥᠮᠥᠰ ᠤᠷᠢᠳ ᠬᠤᠵᠢᠳ ᠬᠦᠴᠢᠷᠳᠡᠯ ᠲᠠᠢ ᠤᠯᠠᠨ ᠲᠦᠮᠡᠨ ᠵᠤᠤ ᠵᠢᠩ ᠱᠠᠨ ᠪᠣᠯᠣᠨ ᠴᠧᠨ ᠢᠦᠢ ᠴᠢᠩ ᠤᠨ ᠭᠡᠷ ᠲᠤ ᠭᠦᠨᠵᠡᠭᠡᠶᠢᠷᠡᠪᠡ᠃ ᠡᠷᠦᠬᠡ ᠪᠦᠷᠢ ᠳᠤ ᠬᠦᠷᠬᠦ ᠪᠦᠷᠢ᠂ ᠶᠤᠸᠠᠢ ᠰᠦᠩ ᠱᠠᠨ ᠤᠯᠠᠨ ᠲᠦᠮᠡᠨ ᠲᠠᠢ ᠳᠣᠲᠣᠨᠣᠰᠤᠭ ᠢᠶᠠᠷ ᠶᠠᠷᠢᠯᠴᠠᠵᠤ᠂ ᠳᠡᠳᠡᠨ ᠤ ᠪᠡᠶ᠎ᠡ ᠮᠠᠬᠠᠪᠤᠳ ᠤᠨ ᠪᠠᠶᠢᠳᠠᠯ ᠪᠣᠯᠣᠨ ᠭᠡᠷ ᠪᠦᠯᠢ ᠶᠢᠨ ᠪᠠᠶᠢᠳᠠᠯ ᠢ ᠠᠰᠠᠭᠤᠵᠤ᠂ ᠳᠡᠳᠡᠨ ᠢ ᠪᠡᠶ᠎ᠡ ᠮᠠᠬᠠᠪᠤᠳ ᠢᠶᠠᠨ ᠰᠠᠶᠢᠲᠤᠷ ᠬᠠᠷᠠᠭᠠᠯᠵᠠᠵᠤ᠂ ᠬᠦᠴᠢᠷ ᠠᠰᠠᠭᠤᠳᠠᠯ ᠢ ᠴᠠᠭ ᠲᠤᠬᠠᠢ ᠳᠤᠨᠢ ᠲᠤᠰᠬᠠᠵᠤ᠂ ᠳᠡᠳᠡᠨ ᠢ ᠪᠠᠶᠠᠰᠤᠩᠭᠤᠢ ᠥᠭᠡᠳᠡᠷᠬᠡᠭ ᠠᠮᠢᠳᠤᠷᠠᠯ ᠤᠨ ᠣᠪᠣᠷ ᠲᠠᠢ ᠪᠠᠶᠢᠵᠤ᠂ ᠡᠯ᠎ᠡ ᠵᠦᠢᠯ ᠤᠨ ᠬᠦᠴᠢᠷ ᠪᠡᠷᠬᠡᠰᠢᠶᠡᠯ ᠢ ᠴᠢᠷᠮᠠᠶᠢᠨ ᠢᠯᠠᠨ ᠳᠠᠪᠠᠵᠤ᠂ ᠠᠮᠢᠳᠤᠷᠠᠯ ᠢᠶᠠᠨ ᠤᠯᠠᠮ ᠠᠴᠠ ᠤᠯᠠᠮ ᠰᠠᠶᠢᠵᠢᠷᠠᠭᠤᠯᠬᠤ ᠶᠢ ᠵᠣᠷᠢᠭᠵᠢᠭᠤᠯᠵᠠᠢ᠃ ᠡᠭᠦᠨ ᠤ ᠬᠠᠮᠲᠤ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ  ᠬᠢᠨ ᠠᠷᠠᠳ ᠤᠯᠠᠨ ᠤ ᠬᠦᠴᠢᠷ ᠵᠣᠪᠠᠭᠤᠷᠢ ᠶᠢ ᠢᠮᠠᠭᠲᠠ ᠰᠡᠳᠬᠢᠯ ᠳᠡᠭᠡᠨ ᠪᠤᠳᠤᠵᠤ᠂ ᠠᠷᠠᠳ ᠤᠨ ᠠᠮᠢᠳᠤᠷᠠᠯ ᠤᠨ ᠬᠦᠴᠢᠷ ᠵᠣᠪᠠᠭᠤᠷᠢ ᠶᠢ ᠢᠯᠡᠭᠦᠬᠡᠨ ᠰᠢᠢᠳᠪᠦᠷᠢᠯᠡᠵᠦ᠂ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠢ ᠢᠯᠡᠭᠦᠬᠡᠨ ᠬᠢᠵᠦ᠂ ᠬᠠᠶᠢᠷ᠎ᠠ ᠬᠠᠯᠠᠮᠵᠢ ᠬᠦᠷᠭᠡᠬᠦ ᠰᠠᠶᠢᠨ ᠶᠠᠪᠤᠳᠠᠯ ᠢ ᠦᠨᠡᠨᠬᠦ ᠪᠣᠳᠠᠲᠠᠢ ᠬᠢᠵᠦ᠂ ᠪᠣᠳᠠᠲᠠᠢ ᠶᠠᠪᠤᠳᠠᠯ ᠢ ᠦᠨᠡᠨᠬᠦ ᠰᠠᠶᠢᠲᠤᠷ ᠬᠢᠬᠦ ᠬᠡᠷᠡᠭᠲᠡᠢ ᠭᠡᠵᠦ ᠱᠠᠭᠠᠷᠳᠠᠪᠠ᠃     ᠲᠣᠬᠤᠨᠢᠭᠤᠯᠬᠤ ᠳᠤᠮᠳᠠ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ᠂ ᠬᠤᠰᠢᠭᠤᠨ ᠤ ᠨᠠᠮ ᠤᠨ ᠬᠤᠷᠢᠶ᠎ᠠ ᠶᠢᠨ ᠨᠢᠭᠡᠳᠦᠮᠡᠯ ᠹᠷᠣᠨᠲ ᠤᠨ ᠬᠡᠯᠲᠡᠰ᠂ ᠤᠳᠬ᠎ᠠ ᠤᠷᠠᠯᠢᠭ ᠤᠨ  ᠬᠢᠨ ᠤ ᠬᠤᠯᠪᠣᠭ᠎ᠠ᠂ ᠨᠠᠮ ᠪᠠ ᠤᠯᠠᠨ ᠲᠦᠮᠡᠨ ᠤ ᠦᠢᠯᠡᠴᠢᠯᠡᠭᠡᠨ ᠤ ᠲᠥᠪ ᠠᠴᠠ ᠬᠠᠮᠲᠤᠷᠠᠨ ᠡᠷᠬᠢᠯᠡᠭᠰᠡᠨ︽ᠴᠠᠭᠠᠨ ᠰᠠᠷ᠎ᠠ ᠶᠢ ᠤᠭᠲᠤᠵᠤ ᠬᠤᠣᠰ ᠤᠶᠠᠩᠭ᠎ᠠ ᠬᠦᠷᠭᠡᠬᠦ︾ᠠᠵᠢᠯᠯᠠᠭ᠎ᠠ ᠯᠢᠦ ᠾᠧ ᠭᠠᠴᠠᠭ᠎ᠠ ᠶᠢᠨ ᠨᠠᠮ ᠪᠠ ᠤᠯᠠᠨ ᠲᠦᠮᠡᠨ ᠤ ᠦᠢᠯᠡᠴᠢᠯᠡᠭᠡᠨ ᠤ ᠲᠥᠪ ᠲᠤ ᠵᠡᠷᠭᠡᠪᠡᠷ ᠶᠠᠪᠤᠭᠳᠠᠵᠤ᠂ ᠶᠤᠸᠠᠢ ᠰᠦᠩ ᠱᠠᠨ ᠤᠷᠠᠨ ᠪᠢᠴᠢᠯᠭᠡᠲᠡᠨ ᠨᠠᠷ ᠲᠠᠢ ᠬᠠᠮᠲᠤᠪᠠᠷ ᠪᠢᠷ ᠪᠡᠬᠡᠰ ᠢᠶᠠᠨ ᠬᠤᠷᠤᠶᠢᠯᠠᠵᠤ᠂ ᠥᠷᠭᠡᠨ ᠤᠯᠠᠨ ᠮᠠᠯᠴᠢᠨ ᠲᠠᠷᠢᠶᠠᠴᠢᠨ ᠳᠤ ᠬᠤᠣᠰ ᠤᠶᠠᠩᠭ᠎ᠠ ᠪᠢᠴᠢᠵᠦ᠂ ᠢᠷᠦᠭᠡᠯ ᠳᠡᠪᠰᠢᠭᠦᠯᠵᠦ᠂ ᠲᠤᠬᠠᠢ ᠶᠢᠨ ᠲᠠᠯᠠᠪᠠᠢ ᠳᠤ ᠪᠠᠶᠠᠷ ᠤᠨ ᠡᠳᠦᠷ ᠤᠨ ᠠᠭᠤᠷ ᠠᠮᠢᠰᠬᠤᠯ ᠢᠶᠠᠷ ᠪᠢᠯᠬᠠᠨ᠎ᠠ᠃  
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号