ᠯᠢ ᠹᠠᠩ᠄ ᠦᠭᠡ ᠶᠠᠷᠢᠶ᠎ᠠ  ᠦᠢᠯᠡ ᠠᠵᠢᠯᠯᠠᠭ᠎ᠠ ᠪᠠᠷ ᠢᠶᠠᠨ ᠬᠡᠪ ᠳᠠᠭᠤᠷᠢᠶᠠᠯ ᠪᠣᠯᠵᠤ ᠪᠠᠶᠢᠨ᠎ᠠ
ᠨᠡᠶᠢᠲᠡᠯᠡᠭᠰᠡᠨ ᠴᠠᠭ᠄
2023/2/23
    ᠰᠠᠶᠢᠨ ᠰᠠᠶᠢᠬᠠᠨ ᠭᠡᠷ ᠤᠨ ᠰᠤᠷᠲᠠᠯ ᠭᠡᠷ ᠤᠨ ᠰᠤᠷᠭᠠᠯ ᠨᠢ ᠨᠡᠶᠢᠭᠡᠮ ᠳᠤ ᠠᠪᠴᠤ ᠬᠡᠯᠡᠪᠡᠯ᠂ ᠨᠢᠭᠡ ᠵᠦᠶ᠋ᠯ ᠤᠨ ᠬᠡᠯᠪᠡᠷᠢ ᠦᠭᠡᠢ ᠶᠣᠰᠣ ᠰᠤᠷᠲᠠᠬᠤᠨ ᠤ ᠬᠦᠴᠦᠨ  ᠮᠦᠨ᠃       ︽ᠭᠡᠷ ᠤᠨ ᠰᠤᠷᠲᠠᠯ ᠭᠡᠷ ᠤᠨ ᠰᠤᠷᠭᠠᠯ ᠪᠣᠯ ᠨᠢᠭᠡᠨ ᠭᠡᠷ ᠪᠦᠯᠢ ᠶᠢᠨ ᠬᠠᠮᠤᠭ ᠤᠨ ᠡᠷᠬᠢᠮ ᠨᠠᠨᠳᠢᠨ ᠥᠪ ᠬᠥᠷᠥᠩᠭᠡ ᠮᠥᠨ᠂ ᠦᠷ᠎ᠡ ᠬᠤᠶᠢᠴᠢᠰ ᠲᠠᠭᠠᠨ ᠦᠯᠡᠳᠡᠭᠡᠵᠦ ᠥᠭᠭᠦᠭᠰᠡᠨ ᠬᠠᠮᠤᠭ ᠤᠨ ᠰᠠᠶᠢᠨ ᠥᠪ ᠬᠥᠷᠥᠩᠭᠡ ᠮᠥᠨ᠃︾ ᠭᠡᠵᠦ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ ᠶᠢᠨ ᠵᠢᠭᠠᠨ ᠰᠤᠳᠤᠯᠬᠤ ᠲᠠᠰᠤᠭ ᠤᠨ ᠡᠷᠬᠢᠯᠡᠭᠴᠢ᠂ ᠳᠡᠳ᠋ ᠫᠷᠤᠹᠧᠰᠰᠤᠷ ᠯᠢ ᠹᠠᠩ ᠬᠡᠯᠡᠪᠡ᠃       ᠯᠢ ᠹᠠᠩ 1992 ᠣᠨ ᠳᠤ ᠤᠷᠤᠭᠯᠠᠭᠰᠠᠨ ᠤ ᠲᠠᠷᠠᠭ᠎ᠠ᠂ ᠶᠡᠷᠦ ᠨᠢ ᠬᠠᠳᠠᠮ ᠡᠴᠢᠭᠡ ᠡᠬᠡ ᠲᠠᠢ ᠪᠠᠨ ᠬᠠᠮᠲᠤ ᠠᠮᠢᠳᠤᠷᠠᠵᠤ᠂ ᠪᠦᠬᠦ ᠭᠡᠷ ᠢᠶᠠᠷ ᠢᠶᠠᠨ ᠬᠠᠷᠢᠯᠴᠠᠨ ᠬᠦᠨᠳᠦᠳᠬᠡᠵᠦ ᠬᠠᠷᠢᠯᠴᠠᠨ ᠬᠠᠶᠢᠷᠠᠯᠠᠯᠴᠠᠵᠤ᠂ ᠪᠠᠶᠠᠷ ᠬᠥᠷ ᠲᠠᠢ ᠪᠠᠶᠢᠪᠠ᠃ ᠯᠢ ᠹᠠᠩ ᠬᠡᠯᠡᠬᠦ ᠳᠡᠭᠡᠨ᠄ ︽ᠬᠠᠳᠠᠮ ᠡᠴᠢᠭᠡ ᠡᠬᠡ ᠨᠢ ᠮᠠᠨ ᠤ ᠬᠤᠶᠠᠭᠤᠯᠠ ᠶᠢᠨ ᠠᠵᠢᠯ ᠢ ᠣᠨᠴᠠᠭᠠᠶ ᠲᠡᠮᠵᠢᠵᠦ ᠪᠠᠶᠢᠨ᠎ᠠ᠂ ᠬᠡᠷᠪᠡ ᠪᠢᠳᠡ ᠬᠤᠶᠠᠷ ᠤᠨ ᠠᠵᠢᠯ ᠤᠨ ᠲᠠᠯ᠎ᠠ ᠪᠠᠷ ᠠᠮᠵᠢᠯᠲᠠ ᠲᠠᠢ ᠪᠣᠯ ᠲᠡᠳᠡᠨ ᠤ ᠬᠦᠴᠦᠲᠡᠢ ᠳᠡᠮᠵᠢᠯᠭᠡ ᠲᠠᠢ ᠰᠠᠯᠤᠰᠢ ᠦᠭᠡᠢ ᠬᠤᠯᠪᠣᠭ᠎ᠠ ᠲᠠᠢ ᠶᠤᠮ︾ ᠭᠡᠵᠡᠢ᠃       ᠨᠠᠰᠤᠲᠠᠨ ᠢ ᠠᠴᠢᠯᠠᠬᠤ ᠨᠢ ᠨᠠᠰᠤᠲᠠᠨ ᠳᠤ ᠠᠮᠢᠳᠤᠷᠠᠯ ᠤᠨ ᠰᠠᠶᠢᠨ ᠰᠠᠶᠢᠬᠠᠨ ᠣᠷᠴᠢᠨ ᠲᠣᠭᠤᠷᠢᠨ ᠢ ᠪᠦᠷᠢᠯᠳᠦᠭᠦᠯᠵᠦ ᠥᠭᠬᠦ ᠠᠴᠠ ᠭᠠᠳᠠᠨ᠎ᠠ᠂ ᠨᠠᠩ ᠣᠯᠠᠨ ᠨᠢ ᠨᠠᠰᠤᠲᠠᠨ ᠤ ᠣᠶᠤᠨ ᠰᠠᠨᠠᠭᠠᠨ ᠤ ᠱᠠᠭᠠᠷᠳᠠᠯᠭ᠎ᠠ ᠶᠢ ᠬᠠᠩᠭᠠᠬᠤ ᠶᠠᠪᠤᠳᠠᠯ ᠪᠣᠯᠣᠨ᠎ᠠ᠂ ᠡᠨᠡ ᠪᠣᠯ ᠨᠠᠰᠤᠲᠠᠨ ᠢ ᠠᠴᠢᠯᠠᠬᠤ ᠨᠢᠭᠡᠳᠦᠭᠡᠷ ᠪᠠᠷᠢᠮᠵᠢᠶ᠎ᠠ ᠮᠥᠨ ᠭᠡᠵᠦ ᠯᠢ ᠹᠠᠩ ᠤᠨ ᠦᠵᠡᠬᠦ ᠪᠠᠷ ᠡᠨᠡ ᠨᠢ ᠨᠠᠰᠤᠲᠠᠨ ᠢ ᠠᠴᠢᠯᠠᠬᠤ ᠨᠢᠭᠡᠳᠦᠭᠡᠷ ᠪᠠᠷᠢᠮᠵᠢᠶ᠎ᠠ ᠪᠣᠯᠣᠨ᠎ᠠ᠃ ᠯᠢ ᠹᠠᠩ ᠤᠨ ᠬᠠᠳᠠᠮ ᠠᠪᠤ ᠨᠢ ᠠᠷᠪᠠᠨ ᠬᠡᠳᠦᠨ ᠵᠢᠯ ᠤᠨ ᠡᠮᠦᠨ᠎ᠡ ᠲᠠᠷᠢᠬᠢᠨ ᠤ ᠴᠢᠰᠤᠨ ᠰᠢᠭᠢᠳᠦᠭᠡᠰᠦ ᠠᠴᠠ ᠪᠣᠯᠵᠤ ᠡᠪᠡᠳᠴᠢᠯᠡᠭᠡᠳ ᠬᠡᠪᠲᠡᠵᠦ ᠪᠠᠶᠢᠪᠠ᠂ ᠢᠳᠡᠵᠦ ᠤᠤᠭᠤᠬᠤ ᠬᠤᠨᠣᠵᠤ ᠬᠡᠪᠲᠡᠬᠦ᠂ ᠡᠪᠡᠳᠴᠢᠨ ᠦᠵᠡᠭᠦᠯᠵᠦ ᠡᠮᠴᠢᠯᠡᠭᠦᠯᠬᠦ ᠠᠵᠢᠯ ᠢ ᠪᠦᠷ ᠯᠢ ᠹᠠᠩ ᠡᠷ᠎ᠡ ᠡᠮ᠎ᠡ ᠬᠤᠶᠠᠭᠤᠯᠠ ᠠᠴᠠ ᠡᠷᠬᠢᠯᠡᠵᠤ ᠪᠠᠶᠢᠪᠠ᠂ ᠭᠡᠷ ᠲᠡᠭᠡᠨ ᠯᠢ ᠹᠠᠩ ᠡᠷ᠎ᠡ ᠨᠥᠬᠦᠷ ᠲᠠᠢ ᠪᠠᠨ ᠦᠷᠭᠦᠯᠵᠢ ᠨᠠᠰᠤᠲᠠᠨ ᠤ ᠦᠰᠦ ᠶᠢ ᠵᠠᠰᠠᠵᠤ᠂ ᠬᠥᠯ ᠢ ᠨᠢ ᠤᠬᠢᠶᠠᠵᠤ᠂ ᠬᠢᠮᠤᠰᠤ ᠶᠢ ᠨᠢ ᠬᠠᠶᠢᠴᠢᠯᠠᠵᠤ ᠥᠭᠲᠡᠭ᠂ ᠡᠷ᠎ᠡ ᠡᠮ᠎ᠡ ᠬᠤᠶᠠᠭᠤᠯᠠ ᠶᠢᠨ ᠠᠵᠢᠯ ᠶᠠᠭᠠᠷᠠᠤ ᠪᠠᠶᠢᠵᠤ᠂ ᠨᠠᠰᠤᠲᠠᠨ ᠢ ᠬᠠᠷᠠᠭᠠᠯᠵᠠᠬᠤ ᠶᠠᠪᠤᠳᠠᠯ ᠳᠡᠭᠡᠷ᠎ᠡ ᠬᠠᠷᠢᠨ ᠬᠡᠳᠦᠨ ᠵᠢᠯ ᠢ ᠨᠢᠭᠡ ᠯᠡ ᠡᠳᠦᠷ ᠮᠡᠲᠦ ᠪᠠᠷ ᠰᠠᠭᠠᠲᠠᠭᠠᠭᠰᠠᠨ ᠦᠭᠡᠢ᠃       ︽ᠭᠡᠷ ᠪᠦᠯᠢ ᠪᠠ ᠠᠵᠢᠯ ᠨᠠᠳᠠ ᠳᠤ ᠠᠪᠴᠤ ᠬᠡᠯᠡᠪᠡᠯ ᠠᠳᠠᠯᠢᠬᠠᠨ ᠴᠢᠬᠤᠯᠠ ᠶᠤᠮ᠂ ᠪᠢ ᠥᠪᠡᠷ ᠤᠨ ᠠᠵᠢᠯ ᠳᠠᠭᠠᠨ ᠬᠠᠶᠢᠷᠠᠲᠠᠢ᠂ ᠡᠨᠡ ᠪᠣᠯ ᠮᠢᠨᠤ ᠨᠢᠭᠡ ᠨᠠᠰᠤᠨ ᠤ ᠦᠢᠯᠡᠰ᠂ ᠭᠡᠷ ᠪᠦᠯᠢ ᠪᠣᠯ ᠮᠢᠨᠤ ᠪᠠᠲᠤ ᠴᠢᠩᠭ᠎ᠠ ᠥᠮᠥᠭ ᠲᠦᠰᠢᠭ ᠮᠥᠨ︾᠃ ᠠᠵᠢᠯ ᠳᠤ ᠣᠷᠣᠯᠴᠠᠭᠰᠠᠨ ᠤ ᠲᠠᠷᠠᠭ᠎ᠠ᠂ ᠯᠢ ᠹᠠᠩ ᠢᠮᠠᠭᠲᠠ ᠠᠵᠢᠯ ᠤᠨ ᠪᠠᠶᠢᠷᠢ ᠪᠠᠨ ᠬᠠᠶᠢᠷᠠᠯᠠᠨ ᠦᠢᠯᠡᠰ ᠢᠶᠠᠨ ᠳᠡᠭᠡᠳᠦᠯᠡᠵᠦ᠂ ᠠᠶᠢᠮᠠᠭ ᠬᠤᠰᠢᠭᠤ ᠬᠤᠶᠠᠷ ᠱᠠᠲᠤᠨ ᠤ ᠰᠢᠯᠢᠳᠡᠭ ᠪᠠᠭᠰᠢ᠂ ᠥᠪᠡᠷᠲᠡᠭᠡᠨ ᠵᠠᠰᠠᠬᠤ ᠣᠷᠣᠨ ᠤ ᠰᠢᠯᠢᠳᠡᠭ ᠤᠬᠠᠭᠤᠯᠤᠨ ᠲᠠᠶᠢᠯᠪᠤᠷᠢᠯᠠᠭᠴᠢ ᠵᠡᠷᠭᠡ ᠢᠷᠠᠭᠤ ᠠᠯᠳᠠᠷ ᠤᠨ ᠴᠣᠯᠠ ᠶᠢ ᠣᠯᠠᠨᠲᠠ ᠬᠦᠷᠳᠡᠪᠡ᠃ 2019 ᠣᠨ ᠳᠤ ᠯᠢ ᠹᠠᠩ ᠤᠨ ᠬᠢᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠡᠮᠡᠭᠲᠡᠶᠢᠴᠦᠳ ᠤᠨ ᠬᠤᠯᠪᠣᠭ᠎ᠠ ᠳᠤ ︽ᠬᠠᠮᠤᠭ ᠤᠨ ᠭᠤᠶᠣ ᠭᠡᠷ ᠪᠦᠯᠢ︾ ᠪᠠᠷ ᠦᠨᠡᠯᠡᠭᠳᠡᠵᠦ᠂ 2020 ᠣᠨ ᠳᠤ ᠬᠢᠩᠭᠠᠨ ᠠᠶᠢᠮᠠᠭ ᠤᠨ ᠣᠶᠤᠨ ᠤ ᠪᠣᠯᠪᠠᠰᠤᠨ ᠤ ᠪᠠᠶᠢᠭᠤᠯᠤᠯᠲᠠ ᠶᠢᠨ ᠵᠥᠪᠯᠡᠯ ᠳᠤ ᠬᠢᠩᠭᠠᠨ ᠠᠶᠢᠮᠠᠭ ᠤᠨ ᠪᠣᠯᠪᠠᠰᠤᠨ ᠭᠡᠷ ᠪᠦᠯᠢ ᠪᠠᠷ ᠦᠨᠡᠯᠡᠭᠳᠡᠪᠡ᠃       ᠯᠢ ᠹᠠᠩ ᠤᠨ ᠬᠦᠦ ᠪᠠᠢ ᠯᠢ ᠳ᠋ᠦᠩ ᠹᠠᠩ ᠬᠠᠷᠠᠬᠠᠨ ᠪᠠᠭ᠎ᠠ ᠠᠴᠠ ᠪᠠᠨ ᠮᠣᠷᠠᠯ ᠰᠤᠷᠤᠯᠭ᠎ᠠ ᠶᠢ ᠬᠤᠣᠰᠯᠠᠭᠤᠯᠵᠤ᠂ ᠥᠪᠡᠷ ᠢ ᠪᠠᠨ ᠬᠦᠴᠦᠷᠬᠡᠭᠵᠢᠭᠦᠯᠦᠨ ᠪᠡᠶ᠎ᠡ ᠪᠠᠨ ᠳᠠᠭᠠᠭᠠᠵᠤ᠂ ᠴᠠᠩᠴᠦ᠋ᠨ ᠤ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠠᠴᠠ ᠲᠡᠭᠦᠰᠦᠭᠰᠡᠨ ᠤ ᠲᠠᠷᠠᠭ᠎ᠠ᠂ ᠰᠢᠯᠢᠳᠡᠭ ᠬᠢᠷᠢ ᠪᠦᠲᠦᠮᠵᠢ ᠪᠠᠷ ᠤᠯᠤᠰ ᠤᠨ ᠥᠮᠴᠢᠯᠡᠯ ᠤᠨ ᠡᠳ᠋ ᠬᠥᠷᠥᠩᠭᠡ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠬᠠᠷᠢᠶᠠᠨ ᠳᠠᠬᠢ ᠤᠯᠤᠰ ᠤᠨ ᠴᠠᠬᠢᠯᠭᠠᠨ ᠬᠦᠴᠦᠨ ᠤ ᠪᠡᠯᠡ ᠣᠷᠣᠭᠤᠯᠤᠯᠲᠠ ᠶᠢᠨ ᠪᠦᠯᠦᠭᠯᠡᠯ ᠤᠨ ᠬᠢᠵᠠᠭᠠᠷᠲᠤ ᠺᠣᠮᠫᠠᠨᠢ ᠳᠤ ᠰᠢᠯᠭᠠᠨ ᠣᠷᠣᠵᠤ᠂ ᠠᠦ᠋ᠲ᠋ᠣᠴᠢᠯᠠᠭᠰᠠᠨ ᠠᠵᠢᠯᠯᠠᠭᠤᠯᠵᠤ ᠬᠠᠮᠠᠭᠠᠯᠠᠬᠤ ᠢᠨᠵᠧᠨᠧᠷ ᠤᠨ ᠲᠤᠰᠢᠶᠠᠯ ᠢ ᠬᠠᠷᠢᠭᠤᠴᠠᠪᠠ᠃ ᠯᠢ ᠹᠠᠩ᠄ ︽ᠬᠤᠶᠠᠷ ᠦᠶ᠎ᠡ ᠶᠢᠨ ᠬᠥᠮᠥᠰ ᠤᠨ ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢᠶᠠᠨ ᠵᠢᠭᠠᠨ ᠰᠤᠷᠭᠠᠭᠰᠠᠨ ᠠᠴᠠ ᠮᠢᠨᠤ ᠬᠦᠦ ᠳᠤ ᠴᠦ ᠰᠠᠶᠢᠨ ᠳᠠᠭᠤᠷᠢᠶᠠᠯ ᠪᠣᠯᠤᠭᠰᠠᠨ ᠶᠤᠮ᠂ ᠲᠡᠷᠡ ᠬᠠᠷᠠᠬᠠᠨ ᠪᠠᠭ᠎ᠠ ᠠᠴᠠ ᠪᠠᠨ ᠰᠤᠷᠤᠯᠴᠠᠬᠤ ᠳᠠᠭᠠᠨ ᠨᠠᠮᠠᠶᠢ ᠳᠡᠩᠳᠡᠭᠦᠦ ᠶᠡᠭᠡ ᠰᠠᠨᠠᠭ᠎ᠠ ᠵᠣᠪᠠᠭᠰᠠᠨ ᠤ ᠬᠡᠷᠡᠭ ᠦᠭᠡᠢ᠂ ᠤᠳᠦ ᠨᠢᠭᠡᠨᠲᠡ ᠨᠢᠭᠡᠨ ᠬᠢᠷᠢ ᠲᠡᠩᠴᠡᠭᠰᠡᠨ ᠴᠠᠬᠢᠯᠭᠠᠨ ᠬᠦᠴᠦᠨ ᠤ ᠠᠵᠢᠯᠲᠠᠨ ᠪᠣᠯᠤᠭᠰᠠᠨ ᠪᠠᠶᠢᠨ᠎ᠠ︾ ᠭᠡᠵᠦ ᠬᠡᠯᠡᠵᠡᠢ᠃      ᠨᠠᠰᠤᠲᠠᠨ ᠢᠶᠠᠨ ᠠᠴᠢᠯᠠᠵᠤ ᠲᠦᠷᠦᠯ ᠰᠠᠳᠤᠨ ᠢᠶᠠᠨ ᠬᠠᠶᠢᠷᠠᠯᠠᠵᠤ᠂ ᠪᠤᠶᠠᠨ ᠦᠢᠯᠡᠳᠬᠦ ᠪᠠᠷ ᠦᠨᠳᠦᠰᠦ ᠪᠣᠯᠭᠠᠵᠤ᠂ ᠶᠠᠪᠤᠳᠠᠯ ᠪᠦᠬᠦᠨ ᠳᠤ ᠠᠴᠢ ᠬᠠᠷᠢᠭᠤᠯᠵᠤ᠂ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠨ᠎ᠡ᠃ ᠡᠳᠡᠭᠡᠷ ᠵᠢᠯ ᠤᠳ ᠲᠤ᠂ ᠯᠢ ᠹᠠᠩ ᠤᠨ ᠭᠡᠷ ᠤᠨ ᠬᠥᠮᠥᠰ ᠨᠢ ᠳᠠᠷᠤᠢ ᠡᠳᠡᠭᠡᠷ ᠪᠠᠷᠢᠮᠵᠢᠶ᠎ᠠ ᠪᠠᠷ ᠬᠥᠮᠥᠨ ᠪᠣᠯᠵᠤ ᠠᠵᠢᠯᠯᠠᠭᠰᠠᠨ ᠶᠤᠮ᠃ ᠯᠢ ᠹᠠᠩ ᠪᠢᠴᠢᠭᠴᠢ ᠳᠤ᠄ ︽ᠪᠢ ᠭᠡᠷ ᠤᠨ ᠬᠥᠮᠥᠰ ᠲᠠᠢ ᠪᠠᠨ ᠦᠷᠭᠦᠯᠵᠢᠯᠡᠨ ᠴᠢᠷᠮᠠᠶᠢᠵᠤ᠂ ᠪᠣᠳᠠᠲᠤ ᠠᠵᠢᠯᠯᠠᠭ᠎ᠠ ᠪᠠᠷ ᠢᠶᠠᠨ ︿ᠪᠣᠯᠪᠠᠰᠤᠨ ᠭᠡᠷ ᠪᠦᠯᠢ﹀ ᠶᠢᠨ ᠦᠶ᠋ᠯᠡᠳᠦᠯ ᠢᠶᠠᠨ ᠪᠠᠳᠠᠷᠠᠭᠤᠯᠵᠤ᠂ ᠨᠠᠩ ᠣᠯᠠᠨ ᠭᠡᠷ ᠪᠦᠯᠢ ᠶᠢ ᠳᠠᠶᠢᠴᠢᠯᠠᠨ ᠡᠷᠳᠡᠮᠲᠡᠨ ᠮᠡᠷᠭᠡᠳ ᠠᠴᠠ ᠰᠤᠷᠴᠤ᠂ ᠰᠠᠶᠢᠨ ᠰᠠᠶᠢᠬᠠᠨ ᠢ ᠡᠷᠬᠢᠮᠯᠡᠨ᠎ᠡ︾ ᠭᠡᠵᠡᠢ᠃ 
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号