96110 ᠤᠲᠠᠰᠤ ᠶᠢ ᠵᠠᠪᠠᠯ ᠲᠣᠰᠬᠤ ᠬᠡᠷᠡᠭᠲᠡᠢ︕
ᠨᠡᠶᠢᠲᠡᠯᠡᠭᠰᠡᠨ ᠴᠠᠭ᠄
2023/2/27
     ᠲᠦᠷᠦᠭᠦᠬᠡᠨ ᠭᠤᠸᠠᠩᠳᠦ᠋ᠩ ᠤᠨ ᠹᠦᠸᠧᠱᠠᠨ ᠤ ᠱᠦᠨ ᠳ᠋ᠧ ᠲᠣᠭᠤᠷᠢᠭ ᠤᠨ ᠯᠦᠩ  ᠵᠢᠶᠠᠩ  ᠪᠠᠯᠭᠠᠰᠤᠨ  ᠤ  ᠵᠠᠩ ‌ᠠᠪᠠᠭ᠋ᠠᠢ ᠨᠠᠶᠢᠵᠠᠯᠠᠬᠤ ᠰᠦᠯᠵᠢᠶᠡᠨ ᠳᠡᠭᠡᠷ᠎ᠡ ᠨᠢᠭᠡᠨ ᠡᠷᠡᠭᠲᠡᠢ ᠲᠠᠢ ᠲᠠᠨᠢᠯᠴᠠᠵᠠᠢ᠃ ᠲᠡᠷᠡ ᠡᠷᠡᠭᠲᠡᠢ  ᠥᠪᠡᠷ ᠢ ᠪᠠᠨ  ︽ᠭᠠᠳᠠᠭᠠᠳᠤ‌ᠤᠯᠤᠰ ᠲᠤ ᠲᠤᠭ᠎ᠠ ᠪᠠᠷᠢᠮᠲᠠ ᠶᠢᠨ ᠵᠠᠳᠠᠯᠤᠭᠴᠢ︾ ᠪᠣᠯᠵᠤ ᠪᠠᠶᠢᠨ᠎ᠠ ᠭᠡᠪᠡ᠂ ᠡᠨᠡ  ᠡᠷᠡᠭᠲᠡᠢ ᠵᠠᠩ  ᠠᠪᠠᠭ᠋ᠠᠢ ᠶᠢ  ᠨᠢᠭᠡᠨ ᠪᠡᠯᠡ‌ᠣᠷᠣᠭᠤᠯᠤᠯᠲᠠ ᠶᠢᠨ ᠰᠦᠯᠵᠢᠶᠡᠨ ᠳᠤ ᠥᠳᠥᠭᠡᠨ ᠲᠠᠲᠠᠵᠤ ᠣᠷᠣᠭᠤᠯᠤᠭᠠᠳ ᠵᠠᠩ ᠠᠪᠠᠭ᠋ᠠᠢ  ᠳᠤ ᠬᠡᠲᠦ  ᠤᠳᠠᠭᠠᠨ ᠤ ᠠᠰᠢᠭ‌ᠣᠷᠣᠯᠭ᠎ᠠ ᠣᠯᠣᠭᠤᠯᠤᠭᠰᠠᠨ ᠳᠤ᠂ ᠵᠠᠩ ᠠᠪᠠᠭ᠋ᠠᠢ ᠡᠭᠦᠨ ᠢ ᠰᠡᠵᠢᠭᠯᠡᠰᠢ ᠦᠭᠡᠢ ᠪᠠᠲᠤ ᠢᠲᠡᠭᠡᠪᠡ᠃            ᠵᠠᠩ  ᠠᠪᠠᠭ᠋ᠠᠢ ᠮᠡᠬᠡᠯᠡᠭᠳᠡᠭᠰᠡᠨ ᠪᠣᠯᠣᠯᠴᠠᠭ᠎ᠠ ᠲᠠᠢ ᠪᠠᠶᠢᠬᠤ ᠶᠢ ᠣᠯᠵᠤ ᠮᠡᠳᠡᠭᠰᠡᠨ ᠤ ᠲᠠᠷᠠᠭ᠎ᠠ᠂ ᠮᠡᠬᠡᠯᠡᠯ ᠢ ᠡᠰᠡᠷᠭᠦᠴᠡᠬᠦ‌ᠢᠳᠬᠠᠨ ᠬᠤᠷᠢᠭᠯᠠᠬᠤ ᠲᠤᠰᠬᠠᠢ ᠠᠩᠭᠢ ᠶᠢᠨ ᠬᠢᠨ 96110 ᠨᠣᠮᠧᠷ ᠢᠶᠠᠷ ᠵᠠᠩ  ᠠᠪᠠᠭ᠋ᠠᠢ ᠳᠤ ᠣᠯᠠᠨᠲᠠ  ᠤᠲᠠᠰᠤᠳᠠᠭᠰᠠᠨ‌ᠪᠣᠯᠪᠠᠴᠤ ᠤᠳᠠᠭ᠎ᠠ ᠪᠦᠷᠢ ᠴᠥᠮ ᠲᠠᠰᠤᠯᠤᠭᠳᠠᠬᠤ ᠪᠤᠶᠤ ᠨᠡᠪᠲᠡᠷᠡᠭᠰᠡᠨ ᠴᠤ ᠲᠤᠰ  ᠬᠥᠮᠥᠨ ᠭᠠᠳᠠᠨ᠎ᠠ  ᠪᠠᠶᠢᠬᠤ ᠪᠠᠷ  ᠰᠢᠯᠲᠠᠭ‌ᠪᠣᠯᠭᠠᠨ ᠤᠲᠠᠰᠤ ᠶᠢ ᠲᠤᠰᠬᠤ ᠦᠭᠡᠢ ᠪᠠᠶᠢᠪᠠ᠃           ᠡᠭᠦᠨ ᠤ ᠳ᠋ᠦᠩ ᠳᠤ᠂ ᠣᠬᠤᠷᠬᠠᠨ ᠬᠠᠭᠠᠰ ᠰᠠᠷ᠎ᠠ ᠶᠢᠨ ᠳᠣᠲᠣᠷ᠎ᠠ᠂ ᠵᠠᠩ ᠠᠪᠠᠭ᠋ᠠᠢ ᠨᠥᠭᠦᠭᠡ ᠡᠲᠡᠭᠡᠳ ᠲᠡᠭᠡᠨ 122ᠲᠦᠮᠡᠨ ᠲᠥᠭᠦᠷᠢᠭ ᠵᠣᠭᠤᠰ ᠰᠢᠯᠵᠢᠭᠦᠯᠦᠨ ᠥᠭᠴᠦ᠂ ᠰᠦᠯᠵᠢᠶᠡᠨ ᠥᠷᠲᠡᠭᠡ ᠠᠴᠠ ᠪᠡᠯᠡᠨ ᠵᠣᠭᠤᠰ ᠭᠠᠷᠭᠠᠨ ᠠᠪᠴᠤ ᠳᠡᠶᠢᠯᠬᠦ‌ᠦᠭᠡᠢ ᠪᠤᠯᠬᠤ ᠦᠶ᠎ᠡ ᠳᠤ ᠰᠠᠶ᠋ᠢ ᠮᠡᠬᠡᠯᠡᠭᠳᠡᠭᠰᠡᠨ ᠢᠶᠠᠨ ᠣᠯᠵᠤ ᠮᠠᠲᠠᠵᠠᠢ᠃           ᠤᠯᠤᠰ ᠤᠨ ᠮᠡᠬᠡᠯᠡᠯ ᠢ ᠡᠰᠡᠷᠭᠦᠴᠡᠬᠦ ᠲᠥᠪ ᠤᠨ ᠰᠠᠨᠠᠭᠤᠯᠭ᠎ᠠ  96110 ᠤᠲᠠᠰᠤ ᠢᠷᠡᠪᠡᠯ ᠵᠠᠪᠠᠯ ᠲᠣᠰᠬᠤ ᠬᠡᠷᠡᠭᠲᠡᠢ︕ ᠵᠢᠩᠬᠢᠨᠢ ᠴᠠᠭᠳᠠᠭ᠎ᠠ  ᠰᠠᠶ᠋ᠢ  96110 ᠶᠢ   ᠳᠠᠮᠵᠢᠨ‌ᠤᠲᠠᠰᠤ ᠢᠷᠡᠨ᠎ᠡ ᠰᠢᠦ︕
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号