1. ᠵᠢᠭᠠᠰᠤᠨ ᠤ ᠴᠤᠤᠬ᠎ᠠ ᠣᠯᠠᠩᠬᠢ ᠦᠶ᠎ᠡ ᠳᠤ᠂ ᠪᠢᠳᠡ ᠵᠢᠭᠠᠰᠤ ᠬᠤᠳᠠᠯᠳᠤᠨ ᠠᠪᠬᠤ ᠳᠤ ᠵᠢᠭᠠᠰᠤ ᠶᠢ | ᠠᠷᠢᠯᠭᠠᠴᠢᠬᠰᠠᠨ ᠮᠥᠷᠲᠡᠭᠡᠨ ᠴᠤᠤᠬ᠎ᠠ ᠶᠢ ᠨᠢ ᠠᠪᠴᠤ ᠬᠠᠶᠠᠭᠰᠠᠨ ᠪᠠᠶᠢᠳᠠᠭ᠂ ᠭᠡᠲᠡᠯ᠎ᠡ ᠤᠭᠤᠷᠠᠭ ᠤᠨ | ᠠᠭᠤᠯᠤᠭᠳᠠᠴᠠ ᠠᠴᠠ ᠠᠪᠴᠤ ᠬᠡᠯᠡᠪᠡᠯ᠂ ᠵᠢᠭᠠᠰᠤᠨ ᠤ ᠴᠤᠤᠬ᠎ᠠ ᠶᠢᠨ ᠳᠣᠲᠣᠷᠠᠬᠢ ᠤᠭᠤᠷᠠᠭ ᠤᠨ ᠠᠭᠤᠯᠤᠭᠳᠠᠴᠠ | ᠨᠢ ᠨᠡᠯᠢᠶᠡᠳ ᠥᠨᠳᠥᠷ᠂ 76% - 79 % ᠶᠢᠨ ᠬᠤᠭᠤᠷᠣᠨᠳᠤ ᠪᠠᠶᠢᠳᠠᠭ᠂ ᠭᠡᠪᠡᠴᠦ ᠥᠭᠡᠬᠦᠨ ᠤ ᠠᠭᠤᠯᠤᠭᠳᠠᠴᠠ | ᠨᠢ ᠨᠡᠯᠢᠶᠡᠳ ᠳᠣᠣᠷ᠎ᠠ᠂ ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠨᠢ ᠴᠦ ᠥᠨᠳᠥᠷ ᠪᠢᠰᠢ ᠪᠠᠶᠢᠳᠠᠭ | ᠪᠥᠭᠡᠳ ᠮᠢᠬᠠᠨ ᠤ ᠴᠢᠨᠠᠷ ᠨᠢ ᠨᠡᠯᠢᠶᠡᠳ ᠵᠦᠭᠡᠷ ᠬᠡᠰᠡᠭ ᠪᠣᠯᠣᠨ᠎ᠠ ᠃ | 2.ᠵᠢᠭᠠᠰᠤᠨ ᠤ ᠲᠣᠯᠣᠭᠠᠢ ᠵᠢᠭᠠᠰᠤᠨ ᠤ ᠲᠣᠯᠣᠭᠠᠢ ᠶᠢᠨ ᠰᠢᠮ᠎ᠡ ᠲᠡᠵᠢᠭᠡᠯ ᠨᠢ ᠨᠡᠯᠢᠶᠡᠳ ᠥᠨᠳᠥᠷ᠂ ᠤᠭᠤᠷᠠᠭ᠂ | ᠺᠠᠯᠼ᠂ ᠹᠣᠰᠹᠣᠷ᠂ ᠲᠡᠮᠦᠷ᠂ ᠸᠢᠲ᠋ᠠᠮᠢᠨ B1 ᠵᠡᠷᠭᠡ ᠣᠯᠠᠨ ᠵᠦᠢᠯ ᠤᠨ ᠰᠢᠮ᠎ᠡ ᠲᠡᠵᠢᠭᠡᠯ ᠤᠨ ᠡᠯᠧᠮᠧᠨ᠋ᠲ ᠠᠭᠤᠯᠵᠤ | ᠪᠠᠶᠢᠳᠠᠭ᠃ ᠪᠢᠳᠡᠨ ᠤ ᠦᠷᠭᠦᠯᠵᠢ ᠢᠳᠡᠳᠡᠭ ᠶᠡᠷᠮ᠎ᠡ ᠵᠢᠭᠠᠰᠤᠨ ᠤ ᠲᠣᠯᠣᠭᠠᠢ ︵ᠲᠠᠷᠭᠤᠨ ᠲᠣᠯᠣᠭᠠᠶᠢᠲᠤ ᠵᠢᠭᠠᠰᠤ︶ | ᠪᠠᠷ ᠵᠢᠱᠢᠶᠡᠯᠡᠬᠦ ᠳᠤ᠂ ᠲᠡᠭᠦᠨ ᠤ ᠲᠣᠯᠣᠭᠠᠢ ᠶᠢᠨ ᠤᠭᠤᠷᠠᠭ ᠤᠨ ᠠᠭᠤᠯᠤᠭᠳᠠᠴᠠ ᠨᠢ 18. 32 % ᠲᠤ ᠬᠦᠷᠴᠦ | ᠪᠠᠶᠢᠬᠤ ᠪᠥᠭᠡᠳ ᠡᠭᠦᠨ ᠠᠴᠠ ᠭᠠᠳᠠᠨ᠎ᠠ ᠲᠣᠯᠣᠭᠠᠢ ᠳᠤᠨᠢ ᠪᠠᠰᠠ ᠬᠠᠨᠤᠮᠠᠯ ᠪᠤᠰᠤ ᠥᠭᠡᠬᠦᠨ ᠬᠦᠴᠢᠯ᠂ ᠹᠣᠰᠹᠣᠷᠲᠤ | ᠥᠭᠡᠬᠦᠨ ᠤ ᠲᠥᠷᠥᠯ ᠤᠨ ᠪᠣᠳᠠᠰ ᠡᠯᠪᠡᠭ ᠠᠭᠤᠯᠵᠤ ᠪᠠᠶᠢᠳᠠᠭ᠂ ᠡᠨᠡ ᠨᠢ ᠨᠢᠯᠬ᠎ᠠ ᠬᠡᠦᠬᠡᠳ ᠤᠨ ᠶᠡᠭᠡ ᠲᠠᠷᠢᠬᠢᠨ ᠤ | ᠪᠣᠶᠢᠵᠢᠯᠲᠠ ᠳᠤ ᠠᠰᠢᠭᠲᠠᠢ ᠪᠥᠭᠡᠳ ᠠᠯᠽᠧᠶᠢᠮᠧᠷ ᠡᠪᠡᠳᠴᠢᠨ ᠢ ᠰᠠᠶᠢᠵᠢᠷᠠᠭᠤᠯᠬᠤ ᠳᠤ ᠲᠤᠰᠠᠯᠠᠳᠠᠭ᠃ | ᠠᠩᠬᠠᠷᠤᠭᠤᠰᠢᠲᠠᠢ ᠨᠢ᠄ ᠵᠢᠭᠠᠰᠤᠨ ᠤ ᠲᠣᠯᠣᠭᠠᠢ ᠶᠢᠨ ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠨᠡᠯᠢᠶᠡᠳ | ᠥᠨᠳᠥᠷ ᠪᠣᠯᠬᠤᠷ ᠢᠳᠡᠬᠦ ᠬᠡᠮᠵᠢᠶ᠎ᠡ ᠪᠠᠨ ᠬᠢᠵᠠᠭᠠᠷᠯᠠᠬᠤ ᠬᠡᠷᠡᠭᠲᠡᠢ᠃ | 3. ᠵᠢᠭᠠᠰᠤᠨ ᠤ ᠠᠷᠠᠰᠤ ᠤᠭᠤᠷᠠᠭ ᠤᠨ ᠠᠭᠤᠯᠤᠭᠳᠠᠴᠠ ᠨᠢ ᠨᠡᠯᠢᠶᠡᠳ ᠡᠯᠪᠡᠭ ᠪᠠᠶᠢᠵᠤ᠂ 30% ᠣᠷᠴᠢᠮ | ᠬᠦᠷᠴᠦ ᠪᠠᠶᠢᠬᠤ ᠪᠥᠭᠡᠳ ᠪᠠᠰᠠ ᠴᠠᠪᠠᠤᠯᠢᠭ ᠤᠭᠤᠷᠠᠭ ᠡᠯᠪᠡᠭ ᠠᠭᠤᠯᠵᠤ ᠪᠠᠶᠢᠳᠠᠭ᠂ ᠤᠯᠠᠭᠠᠨ ᠲᠤᠯᠪᠠᠭ᠎ᠠ | ᠵᠢᠭᠠᠰᠤ ᠪᠠᠷ ᠵᠢᠱᠢᠶᠡᠯᠡᠬᠦ ᠳᠤ᠂ ᠲᠡᠭᠦᠨ ᠤ ᠬᠠᠯᠢᠰᠤᠨ ᠳᠣᠲᠣᠷᠠᠬᠢ ᠴᠠᠪᠠᠤᠯᠢᠭ ᠤᠭᠤᠷᠠᠭ ᠤᠨ ᠠᠭᠤᠯᠤᠭᠳᠠᠴᠠ ᠨᠢ | 80% ᠠᠴᠠ ᠳᠡᠭᠡᠭᠰᠢ ᠪᠠᠶᠢᠳᠠᠭ᠃ ᠠᠩᠬᠠᠷᠤᠭᠤᠰᠢᠲᠠᠢ ᠨᠢ᠄ ᠵᠢᠭᠠᠰᠤᠨ ᠤ ᠰᠥᠰᠥ ᠶᠢ ᠶᠠᠭᠠᠬᠢᠭᠰᠠᠨ ᠴᠤ ᠢᠳᠡᠵᠦ | ᠪᠣᠯᠬᠤ ᠦᠭᠡᠢ︕ ᠵᠢᠭᠠᠰᠤᠨ ᠤ ᠰᠥᠰᠥᠨ ᠳᠤ ᠶᠡᠭᠡ ᠬᠡᠮᠵᠢᠶᠡᠨ ᠤ ᠰᠥᠰᠥᠨ ᠳᠠᠪᠤᠰᠤ᠂ ᠬᠤᠣᠷᠲᠤ ᠡᠳ᠋ ᠪᠠ | ᠨᠡᠬᠡᠳᠡᠰᠦ ᠶᠢᠨ ᠠᠮᠢᠨ ᠠᠭᠤᠯᠤᠭᠳᠠᠵᠤ ᠪᠠᠶᠢᠳᠠᠭ ᠪᠣᠯᠬᠤᠷ ᠠᠳᠡᠭᠦᠷᠡᠨ ᠢᠳᠡᠪᠡᠯ ᠪᠥᠭᠡᠷ᠎ᠡ ᠶᠢ ᠮᠠᠭᠤᠳᠠᠭᠤᠯᠬᠤ ᠪᠤᠶᠤ | ᠡᠯᠢᠭᠡᠨ ᠡᠪᠡᠳᠴᠢᠨ ᠡᠭᠦᠰᠬᠡᠵᠦ ᠮᠡᠳᠡᠨ᠎ᠡ᠂ ᠴᠢᠨᠠᠭᠰᠢᠯᠠᠪᠠᠯ ᠠᠮᠢ ᠨᠠᠰᠤᠨ ᠤ ᠠᠶᠤᠯ ᠲᠠᠢ ᠶᠤᠮ᠂ ᠡᠶᠢᠮᠦ ᠠᠴᠠ | ᠶᠠᠭᠠᠬᠢᠭᠰᠠᠨ ᠴᠤ ᠢᠳᠡᠵᠦ ᠪᠣᠯᠬᠤ ᠦᠭᠡᠢ︕ | ᠭᠠᠷᠠᠭ ᠲᠤ ᠬᠡᠳᠦᠢ ᠵᠢᠭᠠᠰᠤ ᠢᠳᠡᠪᠡᠯ ᠵᠣᠬᠢᠯᠲᠠᠢ ᠪᠤᠢ︖ | ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ ︵2022︶︾ ᠢ | ᠦᠨᠳᠦᠰᠦᠯᠡᠪᠡᠯ᠂ ᠭᠠᠷᠠᠭ ᠲᠤ 2 ᠤᠳᠠᠭ᠎ᠠ ᠵᠢᠭᠠᠰᠤ ᠢᠳᠡᠬᠦ ᠪᠤᠶᠤ 300 ~ 500 ᠭᠷᠡᠮ ᠵᠢᠭᠠᠰᠤ ᠢᠳᠡᠪᠡᠯ | ᠬᠠᠮᠤᠭ ᠰᠠᠶᠢᠨ ᠭᠡᠵᠡᠢ᠃ | ᠵᠢᠭᠠᠰᠤᠨ ᠤ ᠮᠢᠬ᠎ᠠ ᠢᠳᠡᠬᠦ ᠪᠠᠨ ᠵᠣᠬᠢᠬᠤ ᠬᠡᠮᠵᠢᠶ᠎ᠡ ᠪᠠᠷ ᠨᠡᠮᠡᠭᠳᠡᠭᠦᠯᠪᠡᠯ ᠪᠠᠰᠠ ᠨᠠᠰᠤᠨ ᠳᠤ ᠬᠦᠷᠦᠭᠰᠡᠳ ᠤᠨ | ᠲᠠᠷᠢᠬᠢᠨ ᠰᠠ ᠳᠤ ᠳᠠᠭᠠᠷᠢᠬᠳᠠᠬᠤ ᠲᠦᠭᠰᠢᠭᠦᠷᠢ ᠶᠢ ᠪᠠᠭᠠᠰᠬᠠᠵᠤ ᠴᠢᠳᠠᠨ᠎ᠠ᠃ ᠵᠢᠭᠠᠰᠤᠨ ᠤ ᠮᠢᠬ᠎ᠠ ᠶᠢ ᠢᠯᠡᠭᠦᠬᠡᠨ | ᠰᠢᠭ ᠢᠳᠡᠪᠡᠯ ᠢᠳᠡᠷ ᠥᠲᠡᠯᠦᠭᠡ ᠨᠠᠰᠤᠨ ᠤ ᠬᠥᠮᠥᠰ ᠤᠨ ᠠᠯᠽᠧᠶᠢᠮᠧᠷ ᠡᠪᠡᠳᠴᠢᠨ ᠵᠢᠴᠢ ᠲᠠᠨᠢᠨ ᠮᠡᠳᠡᠬᠦᠢ ᠶᠢᠨ | ᠴᠢᠳᠠᠮᠵᠢ ᠶᠢᠨ ᠰᠠᠭᠠᠲᠠᠯ ᠤᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠤᠷᠠᠭᠤᠯᠵᠤ ᠴᠢᠳᠠᠨ᠎ᠠ᠃ ᠡᠨᠡ 3 | ᠵᠦᠢᠯ ᠤᠨ ᠵᠢᠭᠠᠰᠤ ᠶᠢ ᠢᠳᠡᠬᠦ ᠦᠭᠡᠢ ᠪᠣᠯ ᠰᠠᠶᠢᠨ 1. ᠴᠢᠨᠠᠵᠤ ᠪᠤᠯᠭᠤᠭᠰᠠᠨ ᠦᠭᠡᠢ ᠵᠢᠭᠠᠰᠤ 2. ᠲᠣᠰᠣᠨ ᠳᠤ | ᠭᠡᠳᠦ ᠪᠤᠴᠠᠯᠭᠠᠭᠰᠠᠨ ᠵᠢᠭᠠᠰᠤ 3. ᠳᠠᠪᠤᠰᠤᠯᠠᠭᠰᠠᠨ ᠵᠢᠭᠠᠰᠤ |