ᠪᠤᠷᠠᠮ᠂ ᠭᠠ᠂ ᠴᠢᠪᠠᠭ᠎ᠠ ᠶᠢᠨ ᠱᠥᠯᠥ ᠬᠢᠮᠤᠷᠠᠭ᠎ᠠ ᠬᠠᠨᠢᠶᠠᠳᠤ ᠶᠢ ᠵᠠᠰᠠᠨ᠎ᠠ᠃ ᠪᠤᠷᠠᠮ 30 ᠭᠷᠡᠮ᠂ ᠭᠠ 15 ᠭᠷᠡᠮ᠂ | ᠤᠯᠠᠭᠠᠨ ᠴᠢᠪᠠᠭ᠎ᠠ 30 ᠭᠷᠡᠮ᠃ ᠭᠤᠷᠪᠠᠨ ᠠᠶᠠᠭ᠎ᠠ ᠤᠰᠤ ᠶᠢ ᠬᠠᠭᠠᠰ ᠦᠯᠡᠳᠡᠲᠡᠯ᠎ᠡ ᠴᠢᠨᠠᠵᠤ ᠤᠤᠭᠤᠪᠠᠯ᠂ ᠪᠠᠭ᠋ᠠᠨ | ᠬᠥᠯᠥᠷᠡᠭᠰᠡᠨ ᠤ ᠳᠠᠷᠠᠭ᠎ᠠ ᠡᠪᠡᠳᠴᠢᠨ ᠰᠠᠶᠢᠨ ᠪᠣᠯᠳᠠᠭ᠃ | ᠰᠢᠶᠠᠩᠼᠠᠢ ᠶᠢᠨ ᠱᠥᠯᠥ ᠬᠢᠮᠤᠷᠠᠭ᠎ᠠ ᠠᠴᠠ ᠪᠣᠯᠤᠭᠰᠠᠨ ᠬᠠᠨᠢᠶᠠᠳᠤ ᠶᠢ ᠳᠠᠷᠤᠨ᠎ᠠ᠃ ᠰᠢᠶᠠᠩᠼᠠᠢ 30 ᠭᠷᠡᠮ᠂ | ᠰᠢᠬᠢᠷ 30 ᠭᠷᠡᠮ᠂ ᠲᠤᠲᠤᠷᠭ᠎ᠠ 100 ᠭᠷᠡᠮ᠃ ᠲᠤᠲᠤᠷᠭ᠎ᠠ ᠪᠠᠨ ᠰᠠᠶᠢᠲᠤᠷ ᠤᠬᠢᠶᠠᠨ ᠴᠢᠨᠠᠵᠤ᠂ ᠲᠤᠲᠤᠷᠭ᠎ᠠ ᠶᠢᠨ | ᠰᠥᠮᠥᠰᠤ 3 ᠬᠠᠯᠪᠠᠭ᠎ᠠ ᠳᠡᠭᠡᠷ᠎ᠡ ᠰᠢᠶᠠᠩᠼᠠᠢ᠂ ᠰᠢᠬᠢᠷ ᠢᠶᠠᠨ ᠬᠢᠵᠦ 10 ᠮᠢᠨᠦ᠋ᠲ ᠵᠢᠩᠨᠡᠨ᠎ᠡ᠃ ᠬᠠᠯᠠᠭᠤᠨ ᠢᠶᠠᠷ ᠨᠢ | ᠤᠤᠭᠤᠪᠠᠯ ᠬᠢᠮᠤᠷᠠᠭ᠎ᠠ ᠠᠴᠠ ᠪᠣᠯᠤᠭᠰᠠᠨ ᠬᠠᠨᠢᠶᠠᠳᠤ ᠶᠢ ᠵᠠᠰᠠᠨ᠎ᠠ᠃ | ᠴᠠᠭᠠᠨ ᠯᠤᠤᠪᠠᠩ ᠪᠠᠯ ᠬᠦᠢᠲᠡᠨ ᠬᠠᠨᠢᠶᠠᠳᠤ ᠶᠢ ᠵᠠᠰᠠᠨ᠎ᠠ᠃ ᠴᠠᠭᠠᠨ ᠯᠤᠤᠪᠠᠩ 1᠂ ᠪᠠᠯ 30 ᠭᠷᠡᠮ᠂ ᠴᠠᠭᠠᠨ | ᠬᠤᠤᠵᠤᠤ 5 ᠮᠥᠬᠦᠯᠢᠭ᠂ ᠵᠡᠭᠡᠷᠭᠡᠨ᠎ᠡ 2 ᠭᠷᠡᠮ᠃ ᠯᠤᠤᠪᠠᠩ ᠢᠶᠠᠨ ᠤᠬᠢᠶᠠᠵᠤ ᠬᠡᠷᠴᠢᠭᠡᠳ ᠠᠶᠠᠭᠠᠨ ᠳᠤ ᠬᠢᠵᠦ᠂ | ᠪᠠᠯ᠂ ᠴᠠᠭᠠᠨ ᠬᠤᠤᠵᠤᠤ᠂ ᠵᠡᠭᠡᠷᠭᠡᠨ᠎ᠡ ᠲᠠᠢ ᠬᠠᠭᠠᠰ ᠴᠠᠭ ᠵᠢᠩᠨᠡᠭᠡᠳ ᠬᠠᠯᠠᠭᠤᠨ ᠢᠶᠠᠷ ᠨᠢ ᠤᠤᠭᠤᠨ᠎ᠠ᠃ | ᠴᠡᠭᠡ ᠬᠠᠯᠠᠭᠤᠨ ᠢ ᠬᠥᠭᠡᠭᠡᠵᠦ ᠬᠠᠨᠢᠶᠠᠳᠤ ᠶᠢ ᠵᠣᠭᠰᠣᠭᠠᠨ᠎ᠠ᠃ ᠴᠡᠭᠡ 300 ᠮᠢᠯᠢᠯᠢᠲᠷ᠂ ᠴᠠᠭᠠᠨ ᠰᠢᠬᠢᠷ | ᠪᠠᠭ᠎ᠠ ᠬᠢᠨ᠎ᠡ᠃ ᠴᠡᠭᠡ ᠪᠠᠨ ᠪᠤᠴᠠᠯᠭᠠᠭᠰᠠᠨ ᠤ ᠳᠠᠷᠠᠭ᠎ᠠ ᠤᠤᠭᠤᠬᠤ ᠦᠶᠡᠰ ᠴᠠᠭᠠᠨ ᠰᠢᠬᠢᠷ ᠬᠢᠨ᠎ᠡ᠃ ᠴᠡᠭᠡ ᠨᠢ | ᠤᠮᠳᠠ ᠲᠠᠶᠢᠯᠵᠤ ᠬᠠᠯᠠᠭᠤᠨ ᠢ ᠬᠥᠭᠡᠭᠡᠬᠦ᠂ ᠴᠢᠰᠤ ᠨᠥᠬᠦᠬᠦ᠂ ᠬᠠᠨᠢᠶᠠᠳᠤ ᠶᠢ ᠵᠣᠭᠰᠤᠭᠠᠬᠤ ᠦᠢᠯᠡᠳᠦᠯ ᠲᠠᠢ᠃ | ᠠᠭᠤᠰᠬᠢᠨ ᠰᠦᠷᠢᠶ᠎ᠡ᠂ ᠬᠠᠨᠢᠶᠠᠳᠤ ᠶᠢ ᠵᠠᠰᠠᠬᠤ ᠪᠠ ᠬᠠᠯᠠᠭᠤᠨ ᠢ ᠰᠡᠷᠭᠡᠶᠢᠯᠡᠬᠦ ᠳᠤ ᠣᠨᠴᠠ ᠶᠢᠨ ᠲᠤᠰᠠᠲᠠᠢ᠃ |