ᠨᠠᠵᠠᠭᠠᠢ ᠳᠠᠳᠬᠠᠯ
ᠨᠡᠶᠢᠲᠡᠯᠡᠭᠰᠡᠨ ᠴᠠᠭ᠄
2023/8/2
   1. ᠶᠠᠭᠤᠮ᠎ᠠ ᠪᠦᠬᠦᠨ ᠪᠡᠯᠡᠨ ᠪᠣᠯᠤᠭᠰᠠᠨ ᠤ ᠬᠤᠶᠢᠨ᠎ᠠ ᠡᠬᠢᠯᠡᠭᠦᠯᠳᠡᠭ ᠢᠶᠠᠨ ᠪᠤᠯᠢ᠃ ᠠᠵᠠ ᠳᠣᠬᠢᠶᠠᠯ ᠵᠥᠪ   ᠵᠦᠭᠡᠷ ᠡᠮᠦᠨ᠎ᠡ ᠴᠢᠨᠢ ᠢᠷᠡᠴᠢᠬᠡᠳᠡᠭ ᠪᠢᠰᠢ᠂ ᠬᠠᠷᠢᠨ ᠬᠥᠳᠡᠯᠮᠦᠷᠢᠯᠡᠵᠦ ᠪᠠᠶᠢᠵᠤ ᠠᠪᠴᠢᠷᠠᠳᠠᠭ ᠶᠤᠮ᠃ ᠡᠶᠢᠮᠦ   ᠪᠣᠯᠬᠤᠷ ᠬᠦᠯᠢᠶᠡᠭᠡᠳ ᠰᠠᠭᠤᠬᠤ ᠶᠢᠨ ᠣᠷᠣᠨ ᠳᠤ ᠬᠥᠳᠡᠯᠵᠦ ᠪᠠᠢ᠃            2. ᠰᠣᠷᠣᠯᠴᠠᠬᠤ ᠪᠠᠨ ᠪᠢᠲᠡᠭᠡᠢ ᠵᠣᠭᠰᠣ᠃ ᠰᠢᠨ᠎ᠡ ᠶᠢ ᠰᠤᠷᠬᠤ ᠦᠭᠡᠢ ᠪᠠᠶᠢᠬᠤ ᠴᠢᠨᠢ ᠶᠠᠭᠤᠮᠠᠨ ᠠᠴᠠ   ᠬᠤᠴᠣᠷᠴᠤ ᠪᠠᠶᠢᠨ᠎ᠠ ᠯᠡ ᠭᠡᠰᠡᠨ ᠦᠭᠡ᠃ ᠮᠡᠳᠡᠯᠭᠡ ᠳᠤ ᠬᠢᠵᠠᠭᠠᠷ ᠪᠠᠶᠢᠳᠠᠭ ᠦᠭᠡᠢ ᠶᠢᠨ ᠤᠴᠢᠷ ᠴᠠᠭ ᠢᠮᠠᠭᠲᠠ   ᠰᠤᠷᠴᠤ ᠰᠤᠳᠤᠯᠵᠤ ᠪᠠᠶᠢᠪᠠᠯ ᠥᠪᠡᠷ ᠢ ᠪᠠᠨ ᠵᠢᠩᠬᠢᠨᠢ ᠬᠥᠭᠵᠢᠭᠦᠯᠵᠦ ᠴᠢᠳᠠᠨ᠎ᠠ᠃            3. ᠪᠤᠰᠤᠳ ᠢ ᠪᠢᠲᠡᠭᠡᠢ ᠰᠣᠬᠤᠷ ᠢᠶᠠᠷ ᠳᠠᠭᠤᠷᠢᠶᠠ᠃ ᠬᠥᠮᠥᠨ ᠪᠣᠯᠭᠠᠨ ᠳᠤ ᠥᠪᠡᠷ ᠥᠪᠡᠷ ᠤᠨ ᠬᠢᠨᠢ   ᠠᠪᠢᠶᠠᠰ ᠪᠤᠶᠤ ᠴᠢᠳᠠᠬᠤ ᠴᠢᠳᠠᠬᠤ ᠦᠭᠡᠢ ᠵᠦᠢᠯ ᠭᠡᠵᠦ ᠪᠠᠶᠢᠳᠠᠭ᠃ ᠡᠨᠡ ᠶᠢ ᠪᠠᠨ ᠯᠠ ᠪᠠᠳᠠᠷᠠᠭᠤᠯ᠂ ᠬᠠᠷᠢᠨ   ᠰᠣᠬᠤᠷ ᠢᠶᠠᠷ ᠪᠤᠰᠤᠳ ᠢ ᠳᠠᠭᠤᠷᠢᠶᠠᠭᠠᠳ᠂ ᠴᠠᠭ ᠢᠶᠠᠨ ᠦᠷᠡᠵᠦ ᠪᠡᠶ᠎ᠡ ᠪᠠᠨ ᠪᠠᠷᠠᠬᠤ ᠬᠡᠷᠡᠭ ᠠᠯᠠᠭ᠎ᠠ᠃           4. ᠵᠠᠯᠠᠭᠤ ᠶᠢᠨ ᠨᠠᠮᠪᠠ ᠪᠠᠨ ᠪᠢᠲᠡᠭᠡᠢ ᠤᠷᠬᠢ᠃ ᠬᠥᠭᠰᠢᠨ ᠵᠠᠯᠠᠭᠤ ᠬᠡᠳᠡᠭ ᠵᠠᠷᠢᠮ ᠳᠠᠭᠠᠨ ᠨᠠᠰᠤ ᠵᠢᠯ ᠲᠠᠢ   ᠬᠠᠮᠢᠶ᠎ᠠ ᠦᠭᠡᠢ ᠪᠠᠶᠢᠳᠠᠭ᠃ ᠬᠡᠵᠢᠶᠡᠳᠡ ᠵᠠᠯᠠᠭᠤ ᠬᠥᠮᠥᠨ ᠰᠢᠭ ᠴᠣᠭᠯᠢᠭ᠂ ᠶᠠᠭᠤᠨ ᠳᠤ ᠴᠦ ᠪᠠᠭᠤᠵᠤ ᠥᠭᠳᠡᠭ   ᠦᠭᠡᠢ᠂ ᠵᠣᠷᠢᠭᠲᠠᠢ ᠳᠠᠶᠢᠴᠢᠨ ᠬᠡᠪ ᠢᠶᠠᠷ ᠢᠶᠠᠨ ᠪᠠᠶᠢᠬᠤ ᠶᠢ ᠬᠢᠴᠢᠶᠡ᠃           5. ᠳᠡᠮᠡᠢ ᠪᠠᠯᠠᠢ ᠴᠠᠭ ᠦᠷᠡᠬᠦ ᠪᠠᠨ ᠪᠤᠯᠢ᠃ ᠵᠣᠷᠢᠭᠰᠠᠨ ᠠᠵᠢᠯ ᠢᠶᠠᠨ ᠭᠦᠷᠡᠶᠢᠵᠦ ᠪᠠᠶᠢᠭᠠᠳ ᠵᠣᠷᠢᠭᠲᠠᠢ ᠬᠢ ᠂ ᠠᠯᠵᠢᠶᠠᠯ ᠴᠢᠯᠡᠭᠡ ᠴᠢᠨᠢ ᠠᠶᠠᠨᠳᠠᠭᠠᠨ ᠮᠠᠷᠲᠠᠭᠳᠠᠵᠤ᠂ ᠠᠮᠵᠢᠯᠲᠠ ᠶᠢᠨ ᠰᠠᠶᠢᠬᠠᠨ ᠮᠡᠳᠡᠷᠡᠮᠵᠢ ᠥᠪᠡᠷ ᠲᠤ ᠴᠢᠨᠢ   ᠠᠮᠲᠠᠭᠳᠠᠬᠤ ᠴᠠᠭ ᠪᠤᠢ᠃ ᠡᠨᠡ ᠪᠣᠯ ᠰᠠᠶ᠋ᠢ ᠠᠮᠢᠳᠤ ᠶᠠᠪᠤᠬᠤ ᠶᠢᠨ ᠵᠢᠩᠬᠢᠨᠢ ᠤᠳᠬ᠎ᠠ ᠤᠴᠢᠷ ᠶᠤᠮ᠃          6. ᠬᠡᠵᠢᠶᠡᠳᠡ ᠭᠤᠮᠣᠳᠠᠳᠠᠭ ᠢᠶᠠᠨ ᠪᠤᠯᠢ᠃ ᠪᠤᠰᠤᠳ ᠲᠤ ᠭᠤᠮᠣᠳᠠᠵᠤ ᠪᠤᠬᠢᠨᠢᠳᠤᠬᠤ ᠬᠡᠳᠡᠭ ᠶᠠᠭᠤ ᠶᠢ ᠴᠦ   ᠰᠢᠢᠳᠪᠦᠷᠢᠯᠡᠵᠦ ᠦᠯᠦ ᠴᠢᠳᠠᠬᠤ ᠬᠠᠮᠤᠭ ᠤᠨ ᠬᠡᠷᠡᠭ ᠦᠭᠡᠢ ᠵᠦᠢᠯ᠂ ᠬᠠᠷᠢᠨ ᠠᠰᠠᠭᠤᠳᠠᠯ ᠢ ᠤᠯᠠᠮ   ᠬᠦᠨᠳᠦᠷᠡᠭᠦᠯᠵᠦ ᠮᠡᠳᠡᠨ᠎ᠡ᠃ ᠢᠩᠭᠢᠵᠦ ᠪᠠᠶᠢᠬᠤ ᠶᠢᠨ ᠣᠷᠣᠨ ᠳᠤ ᠶᠠᠭᠤᠮ᠎ᠠ ᠶᠢ ᠥᠭᠡᠳᠡᠷᠬᠡᠭ ᠲᠠᠯ᠎ᠠ ᠠᠴᠠ ᠨᠢ   ᠢᠯᠡᠭᠦᠦ ᠬᠠᠷᠠᠵᠤ᠂ ᠵᠥᠪ ᠡᠨᠧᠷᠬᠢ ᠪᠣᠯᠭᠠᠨ ᠠᠰᠢᠭᠯᠠᠵᠤ ᠰᠣᠷ᠃            7. ᠴᠢᠳᠠᠬᠤ ᠦᠭᠡᠢ ᠶᠠᠭᠤᠮ᠎ᠠ ᠠᠴᠠ ᠪᠢᠲᠡᠭᠡᠢ ᠬᠠᠯᠠᠰᠢᠷᠠ᠃ ᠰᠠᠨᠠᠭᠰᠠᠨ ᠰᠠᠨᠠᠭ᠎ᠠ ᠴᠢᠳᠠᠯ ᠠᠴᠠ ᠴᠢᠨᠢ   ᠬᠡᠲᠦᠷᠡᠬᠦ ᠦᠶ᠎ᠡ ᠳᠤ ᠬᠥᠮᠥᠨ ᠬᠢᠮᠤᠷᠠᠵᠤ ᠡᠬᠢᠯᠡᠳᠡᠭ᠃ ᠪᠡᠯᠡᠨ ᠢ ᠢᠳᠡᠭᠡᠳ ᠰᠤᠷᠴᠢᠬᠠᠭᠰᠠᠨ ᠬᠥᠮᠥᠨ   ᠠᠮᠵᠢᠯᠲᠠ ᠶᠢᠨ ᠠᠷᠤ ᠳᠠᠬᠢ ᠵᠢᠷᠭᠠᠯ ᠤᠨ ᠠᠮᠲᠠ ᠶᠢ ᠮᠡᠳᠡᠳᠡᠭ ᠦᠭᠡᠢ᠃ ᠬᠠᠷᠢᠨ ᠴᠢᠳᠠᠬᠤ ᠦᠭᠡᠢ ᠶᠠᠭᠤᠮ᠎ᠠ ᠪᠠᠨ   ᠵᠣᠷᠢᠭᠲᠠᠢ ᠣᠷᠣᠯᠳᠣᠵᠦ᠂ ᠨᠡᠩ ᠶᠡᠭᠡ ᠳᠤ ᠰᠠᠨᠠᠭ᠎ᠠ ᠲᠠᠯᠪᠢᠵᠤ ᠪᠠᠶᠢᠪᠠᠯ ᠵᠦᠭᠡᠷ᠃          8. ᠪᠤᠷᠤᠭᠤᠳᠠᠬᠤ ᠠᠴᠠ ᠪᠢᠲᠡᠭᠡᠢ ᠠᠶᠤ᠃ ᠪᠤᠷᠤᠭᠤᠳᠠᠬᠤ ᠵᠦᠭᠡᠷ ᠠ᠋᠂ ᠬᠠᠷᠢᠨ ᠶᠠᠭᠠᠬᠢᠵᠤ   ᠪᠤᠷᠤᠭᠤᠳᠠᠭᠰᠠᠨ ᠢᠶᠠᠨ ᠮᠡᠳᠡᠬᠦ ᠦᠭᠡᠢ ᠪᠠᠶᠢᠬᠤ ᠯᠠ ᠠᠰᠠᠭᠤᠳᠠᠯ ᠶᠤᠮ᠃ ᠬᠠᠷᠢᠨ ᠡᠨᠡ ᠨᠢ ᠠᠮᠢᠳᠤᠷᠠᠯ ᠳᠤ ᠴᠢᠨᠢ   ᠲᠤᠷᠰᠢᠯᠭ᠎ᠠ ᠪᠣᠯᠵᠤ᠂ ᠳᠠᠷᠠᠭ᠎ᠠ ᠤᠳᠠᠭ᠎ᠠ ᠵᠥᠪ ᠬᠢᠬᠦ ᠳᠤ ᠴᠢᠨᠢ ᠲᠤᠰᠠᠯᠠᠳᠠᠭ᠃          9. ᠪᠡᠶ᠎ᠡ ᠪᠠᠨ ᠬᠠᠭᠤᠷᠬᠤ ᠬᠡᠷᠡᠭ ᠦᠭᠡᠢ᠃ ᠪᠡᠶ᠎ᠡ ᠪᠠᠨ ᠬᠠᠭᠤᠷᠬᠤ ᠨᠢ ᠪᠤᠰᠤᠳ ᠢ ᠬᠠᠭᠤᠷᠬᠤ ᠠᠴᠠ   ᠠᠮᠠᠷᠬᠠᠨ᠂ ᠬᠠᠷᠢᠨ ᠵᠠᠩᠰᠢᠴᠢᠬᠠᠪᠠᠯ ᠵᠠᠰᠠᠬᠤ ᠳᠤ ᠪᠡᠷᠬᠡ᠃ ᠥᠪᠡᠷ ᠢ ᠪᠠᠨ ᠵᠥᠪ ᠢᠶᠠᠷ ᠲᠠᠨᠢᠨ᠂ ᠡᠭᠦᠨ ᠢ ᠪᠠᠨ   ᠮᠡᠳᠡᠷᠡᠵᠦ᠂ ᠪᠡᠶ᠎ᠡ ᠪᠠᠨ ᠵᠠᠰᠠᠵᠤ ᠴᠢᠳᠠᠪᠠᠯ᠂ ᠠᠯᠤᠰ ᠤᠨ ᠬᠠᠷᠠᠭ᠎ᠠ ᠲᠠᠢ ᠵᠥᠪ ᠬᠥᠮᠥᠨ ᠪᠣᠯᠵᠤ ᠬᠥᠮᠥᠵᠢᠭᠳᠡᠨ᠎ᠡ᠃          10. ᠥᠩᠭᠡᠷᠡᠭᠰᠡᠨ ᠢᠶᠠᠨ ᠮᠠᠷᠲᠠᠵᠤ ᠰᠣᠷ᠃ ᠪᠣᠯᠵᠤ ᠥᠩᠭᠡᠷᠡᠭᠰᠡᠨ ᠶᠠᠪᠤᠳᠠᠯ ᠢ ᠤᠷᠬᠢ᠃ ᠬᠠᠷᠢᠨ   ᠢᠷᠡᠭᠡᠳᠦᠢ ᠤᠷᠤᠭᠤ ᠪᠠᠨ ᠢᠯᠡᠭᠦᠦ ᠬᠠᠷᠠᠵᠤ ᠪᠠᠶᠢᠭᠠᠷᠠᠢ᠃   
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号