ᠤᠷᠠᠨ ᠪᠦᠰᠡᠬᠦᠢ ᠪᠤᠤ ᠴᠦᠨ ᠬᠤᠸᠠ ᠶᠢᠨ ᠴᠢᠷᠮᠠᠶᠢᠯᠭ᠎ᠠ
ᠨᠡᠶᠢᠲᠡᠯᠡᠭᠰᠡᠨ ᠴᠠᠭ᠄
2024/10/16
    ᠲᠦᠷᠦᠭᠦᠭᠡᠨ ᠰᠤᠷᠪᠤᠯᠵᠢᠯᠠᠭᠴᠢ ᠬᠢᠨᠭ᠍ᠭᠠᠨ ᠠᠶᠢᠮᠠᠭ ᠤᠨ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠬᠤᠷᠴᠢᠨ ᠪᠠᠯᠭᠠᠰᠥᠨ ᠳᠤ ᠪᠠᠶᠢᠷᠢᠯᠠᠭ᠎ᠠ ︽ᠬᠠᠪᠤᠷ ᠬᠠᠳᠬᠤᠮᠠᠯ ᠤᠷᠠᠯᠠᠬᠤ ᠦᠷᠥᠭᠡ︾ ᠳᠤ ᠰᠤᠷᠪᠤᠯᠵᠢᠯᠠᠬᠤ ᠪᠠᠷ ᠬᠦᠷᠬᠦ ᠳᠤ᠂ ︽ᠦᠨᠥᠳᠥᠷ ᠪᠢᠳᠡ ᠳᠠᠮᠠᠬᠢᠨ ᠤᠭᠤᠳᠠ᠂ ᠳᠡᠷ᠎ᠡ᠂ ᠪᠤᠭᠴᠤᠨ ᠳᠡᠭᠡᠷ᠎ᠡ ᠬᠤᠸᠠᠷ ᠬᠠᠳᠬᠤᠬᠤ ᠳᠤᠬᠠᠢ ᠰᠤᠷᠤᠯᠴᠠᠶ᠎ᠠ᠂ ᠰᠢᠨ᠎ᠡ ᠪᠠᠷ ᠨᠡᠷ᠎ᠡ ᠮᠡᠳᠡᠬᠦᠯᠥᠭᠰᠡᠨ ᠰᠤᠷᠤᠭᠴᠢᠳ ᠳᠡᠮᠳᠡᠭᠯᠡᠯ ᠢᠶᠠᠨ ᠰᠠᠶᠢᠳᠥᠷ ᠬᠢᠭᠡᠷᠡᠢ ᠁︾ ᠭᠡᠵᠦ ᠪᠤᠤ ᠴᠦᠨ ᠬᠤᠸᠠ ᠮᠠᠯᠴᠢᠨ ᠪᠦᠰᠡᠭᠦᠶᠢᠴᠤᠳ ᠲᠤ ᠵᠠᠰᠠᠭᠲᠤ ᠬᠠᠳᠬᠤᠮᠠᠯ ᠤᠨ ᠲᠤᠬᠠᠢ ᠬᠢᠴᠢᠶᠡᠯ ᠤᠷᠤᠵᠤ ᠪᠠᠶᠢᠪᠠ᠃     ᠪᠤᠤ ᠴᠦᠨ ᠬᠤᠸᠠ ᠪᠤᠯ ᠠᠶᠢᠮᠠᠭ ᠤᠨ ᠳᠡᠰ ᠤᠨ ᠪᠤᠳᠠᠰ ᠤᠨ ᠪᠤᠰᠥ ᠰᠤᠶᠤᠯ ᠤᠨ ᠦᠪ ᠪᠤᠯᠬᠤ ᠵᠠᠰᠠᠭᠳᠥ ᠬᠠᠳᠬᠤᠮᠠᠯ ᠤᠨ ᠤᠯᠠᠮᠵᠢᠯᠠᠭᠴᠢ ᠪᠤᠯᠤᠨ᠎ᠠ᠂ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠮᠠᠨᠵᠤᠲ᠋ᠦ᠋ᠨ ᠤ ᠮᠠᠨᠵᠤ ᠦᠨᠳᠥᠰᠥᠳᠡᠨ ᠤ ᠰᠢᠶᠠᠩ ᠤᠨ ᠬᠦᠮᠦᠨ ᠪᠤᠯᠤᠨ᠎ᠠ᠃ ᠳᠡᠷᠡ ᠬᠠᠷᠠᠬᠠᠨ ᠪᠠᠭ᠎ᠠ ᠠᠴᠠ ᠪᠠᠨ ᠡᠵᠢ ᠶᠢᠨ ᠢᠶᠠᠨ ᠨᠦᠯᠥᠭᠡ ᠪᠠᠷ ᠵᠡᠬᠦᠥ ᠰᠦᠪᠡᠯᠡᠬᠦ᠂ ᠦᠡᠭᠭᠡ ᠪᠤᠳᠤᠭ ᠳᠤᠬᠢᠷᠠᠭᠤᠯᠬᠤ᠂ ᠵᠢᠷᠤᠵᠤ ᠲᠦᠯᠥᠪᠯᠡᠬᠦ᠂ ᠤᠶᠤᠵᠤ ᠬᠠᠳᠬᠤᠬᠤ ᠵᠡᠷᠭᠡ ᠮᠡᠷᠭᠡᠵᠢᠯ ᠢ ᠰᠠᠶᠢᠳᠥᠷ ᠰᠤᠷᠴᠤ ᠡᠵᠡᠮᠰᠢᠨ᠂ ᠤᠳᠥ ᠬᠤᠯᠠ ᠤᠶᠢᠷ᠎ᠠ ᠳᠤ ᠪᠠᠨ ᠨᠡᠷ᠎ᠡ ᠠᠯᠳᠠᠷᠰᠢᠭᠰᠠᠨ ᠤᠷᠠᠨ ᠬᠠᠳᠬᠤᠮᠠᠯᠴᠢᠨ ᠪᠤᠯᠤᠭᠰᠠᠨ ᠪᠠᠶᠢᠨ᠎ᠠ᠃      ᠦᠪᠠᠷ ᠤᠨ ᠰᠤᠷᠴᠤ ᠡᠵᠡᠮᠰᠢᠭᠰᠡᠨ ᠮᠡᠷᠭᠡᠵᠢᠯ ᠢᠶᠠᠨ ᠬᠠᠳᠬᠤᠮᠠᠯ ᠳᠤ ᠳᠤᠷ᠎ᠠ ᠪᠠᠬ᠎ᠠ ᠲᠠᠢ ᠬᠦᠮᠥᠰ ᠲᠤ ᠤᠯᠠᠮᠵᠢᠯᠠᠬᠤ ᠶᠢᠨ ᠲᠦᠯᠦᠭᠡ᠂ 2024 ᠤᠨ ᠤ 6 ᠰᠠᠷ᠎ᠠ ᠳᠤ ᠪᠤᠤ ᠴᠦᠨ ᠬᠤᠸᠠ ︽ᠬᠠᠪᠤᠷ ᠬᠠᠳᠬᠤᠮᠠᠯ ᠤᠷᠠᠯᠠᠬᠤ ᠦᠷᠥᠭᠡ︾ ᠪᠠᠶᠢᠭᠤᠯᠵᠤ᠂ ᠤᠷᠤᠨ ᠤ ᠳᠡᠰ ᠤᠨ ᠪᠤᠳᠠᠰ ᠤᠨ ᠪᠤᠰᠥ ᠰᠤᠶᠤᠯ ᠤᠨ ᠦᠪ ᠪᠤᠯᠬᠤ ᠵᠠᠰᠠᠭᠳᠥ ᠬᠠᠳᠬᠤᠮᠠᠯ ᠤᠨ ᠤᠯᠠᠮᠵᠢᠯᠠᠭᠴᠢ ᠯᠢᠩᠬᠸ᠎ᠠ ᠪᠠᠭᠰᠢ ᠪᠠ ᠬᠤᠰᠢᠭᠤᠨ ᠤ ᠳᠡᠰ ᠤᠨ ᠪᠤᠳᠠᠰ ᠤᠨ ᠪᠤᠰᠥ ᠰᠤᠶᠤᠯ ᠤᠨ ᠦᠪ ᠪᠤᠯᠬᠤ ᠵᠠᠰᠠᠭᠳᠥ ᠬᠠᠳᠬᠤᠮᠠᠯ ᠤᠨ ᠤᠯᠠᠮᠵᠢᠯᠠᠭᠴᠢ ᠪᠤᠤ ᠳᠡᠬᠦᠥᠳᠠᠭᠤᠯ᠎ᠠ ᠵᠡᠷᠭᠡ ᠪᠠᠭᠰᠢ ᠶᠢ ᠠᠵᠢᠯᠯᠠᠬᠤ ᠦᠷᠥᠭᠡᠨ ᠳᠤ ᠪᠠᠨ ᠤᠷᠢᠵᠤ᠂ ᠬᠠᠮᠳᠥ ᠪᠠᠷ ᠵᠠᠰᠠᠭᠳᠥ ᠬᠠᠳᠬᠤᠮᠠᠯ ᠢᠶᠠᠨ ᠤᠷᠠᠯᠠᠵᠤ ᠪᠤᠢ᠃     ᠵᠠᠰᠠᠭᠳᠥ ᠬᠠᠳᠬᠤᠮᠠᠯ ᠤᠨ ᠮᠡᠷᠭᠡᠵᠢᠯ ᠢᠶᠠᠨ ᠤᠯᠠᠮ ᠰᠠᠶᠢᠳᠥᠷ ᠤᠯᠠᠮᠵᠢᠯᠠᠬᠤ ᠶᠢᠨ ᠲᠦᠯᠦᠭᠡ᠂ ᠪᠤᠤ ᠴᠦᠨ ᠬᠤᠸᠠ ᠰᠦᠯᠵᠢᠶᠡᠨ ᠳᠡᠭᠡᠷ᠎ᠡ ᠠᠶᠢᠮᠠᠭ ᠤᠨ ᠳᠤᠳᠤᠷ᠎ᠠ ᠭᠠᠳᠠᠨᠠᠬᠢ ᠬᠠᠳᠬᠤᠮᠠᠯ ᠤᠷᠠᠯᠠᠯ ᠳᠤ ᠳᠤᠷ᠎ᠠ ᠪᠠᠬ᠎ᠠ ᠲᠠᠢ ᠬᠦᠮᠥᠰ ᠲᠤ ᠨᠠᠷᠢᠯᠢᠭ ᠪᠦᠭᠡᠳ ᠰᠢᠰᠲ᠋ᠧᠮ ᠲᠠᠢ ᠪᠤᠯᠪᠠᠰᠤᠷᠠᠯ ᠬᠦᠷᠳᠡᠭᠡᠵᠤ ᠪᠤᠢ᠃ ᠳᠡᠬᠦᠨ ᠤ ᠳᠠᠭᠠᠭᠤᠯᠭ᠎ᠠ ᠪᠠᠷ ᠤᠳᠥ 10 ᠭᠠᠷᠤᠢ ᠮᠠᠯᠴᠢᠨ ᠪᠦᠰᠡᠬᠦᠢ ᠵᠠᠰᠠᠭᠳᠥ ᠬᠠᠳᠬᠤᠮᠠᠯ ᠤᠨ ᠮᠡᠷᠭᠡᠵᠢᠯ ᠢ ᠪᠤᠯᠪᠠᠰᠤᠷᠠᠩᠭᠤᠢ ᠰᠤᠷᠴᠤ ᠡᠵᠡᠮᠰᠢᠬᠦ ᠶᠢᠨ ᠬᠠᠮᠳᠥ᠂ ᠦᠪᠡᠰᠥᠪᠡᠨ ᠪᠦᠳᠥᠭᠡᠯ ᠭᠠᠷᠭᠠᠵᠤ ᠵᠠᠬᠢᠶᠠᠯᠠᠭ᠎ᠠ ᠳᠤᠰᠴᠤ ᠳᠡᠶᠢᠯᠬᠦ ᠪᠤᠯᠵᠠᠢ᠃ ᠤᠶᠢᠷ᠎ᠠ ᠶᠢᠨ ᠬᠤᠶᠠᠷ ᠵᠢᠯ ᠳᠤ᠂ ᠪᠤᠤ ᠴᠦᠨ ᠬᠤᠸᠠ ᠤᠷᠠᠨ ᠬᠠᠳᠬᠤᠮᠠᠯᠴᠢᠳ ᠲᠠᠢ ᠪᠠᠨ ᠬᠠᠮᠳᠥ ᠤᠷᠠᠯᠠᠭᠰᠠᠨ ᠪᠦᠳᠥᠭᠡᠯ ᠢᠶᠠᠨ ᠠᠪᠴᠥ ᠬᠢᠨᠭ᠍ᠭᠠᠨ ᠠᠶᠢᠮᠠᠭ ᠤᠨ ᠨᠠᠭᠠᠳᠥᠮ᠂ ᠬᠤᠰᠢᠭᠤᠨ ᠤ ᠳᠡᠰ ᠤᠨ ᠪᠤᠳᠠᠰ ᠤᠨ ᠪᠤᠰᠥ ᠰᠤᠶᠤᠯ ᠤᠨ ᠦᠪ ᠤᠨ ᠦᠵᠡᠬᠦᠯᠭᠡ ᠵᠡᠷᠭᠡ ᠳᠤ ᠤᠷᠤᠯᠴᠠᠵᠤ᠂ ᠤᠯᠠᠨᠲᠠ ᠤᠳᠠᠭ᠎ᠠ ᠱᠠᠩᠨᠠᠯ ᠲᠤᠰᠤᠭᠰᠠᠨ ᠪᠠᠶᠢᠨ᠎ᠠ᠃     ︽ᠴᠦᠨ ᠬᠤᠸᠠ ᠦᠬᠢᠨ ᠪᠤᠯ ᠨᠢᠳᠥ ᠬᠢᠷᠠᠬᠠᠢ᠂ ᠳᠠᠷᠢᠬᠢ ᠰᠡᠷᠭᠡᠭ ᠬᠦᠮᠥᠨ ᠰᠢᠥ᠂ ᠳᠡᠷᠡ ᠠᠵᠢᠯᠯᠠᠬᠤ ᠦᠷᠥᠭᠡ ᠪᠠᠶᠢᠭᠤᠯᠤᠭᠰᠠᠨ ᠤ ᠳᠠᠷᠠᠭ᠎ᠠ ᠪᠢᠳᠡ ᠦᠷᠬᠦᠯᠵᠢ ᠬᠠᠮᠳᠥ ᠰᠠᠭᠤᠵᠤ ᠵᠠᠰᠠᠭᠳᠥ ᠬᠠᠳᠬᠤᠮᠠᠯ ᠢᠶᠠᠨ ᠤᠷᠠᠯᠠᠬᠤ ᠪᠤᠯᠪᠠ᠃ ᠬᠠᠮᠳᠥ ᠳᠤ ᠪᠠᠨ ᠳᠤᠷᠰᠢᠯᠭ᠎ᠠ ᠪᠠᠨ ᠰᠤᠯᠢᠯᠴᠠᠨ᠂ ᠬᠠᠮᠳᠥ ᠳᠤ ᠪᠠᠨ ᠰᠤᠷᠤᠯᠴᠠᠬᠤ ᠨᠢ ᠮᠠᠰᠢ ᠰᠠᠶᠢᠨ᠂ ᠡ᠊ᠨᠡ ᠦᠬᠢᠨ ᠰᠢᠨ᠎ᠡ ᠶᠢ ᠡᠬᠦᠳᠬᠦ ᠵᠤᠷᠢᠭ ᠲᠠᠢ᠂ ᠵᠠᠰᠠᠭᠳᠥ ᠬᠠᠳᠬᠤᠮᠠᠯ ᠤᠨ ᠮᠡᠷᠭᠡᠵᠢᠯ ᠢᠶᠠᠨ ᠠᠮᠢᠳᠤᠷᠠᠯ ᠤᠨ ᠡᠯ᠎ᠡ ᠳᠠᠯ᠎ᠠ ᠳᠤ ᠠᠭᠤᠰᠬᠠᠵᠤ ᠪᠠᠶᠢᠨ᠎ᠠ᠂ ᠲᠠ ᠦᠵᠡᠭᠡᠴᠢ᠂ ᠡ᠊ᠨᠡ ᠵᠠᠰᠠᠯ ᠵᠢᠮᠰᠡᠭ ᠤᠨ ᠡᠳ᠋᠂ ᠪᠢᠴᠢᠭ ᠤᠨ ᠬᠡᠷᠡᠭᠰᠡᠯ ᠳᠤ ᠪᠦᠷ ᠵᠠᠰᠠᠭᠳᠥ ᠬᠠᠳᠬᠤᠮᠠᠯ ᠤᠨ ᠡᠯᠧᠮᠧᠨ᠋ᠲ ᠢ ᠤᠯᠵᠤ ᠬᠠᠷᠠᠨ᠎ᠠ᠂ ᠡᠶᠢᠮᠥᠷᠬᠦ ᠴᠠᠭ ᠤᠨ ᠦᠡᠭᠭᠡ ᠶᠢ ᠳᠠᠭᠠᠭᠰᠠᠨ ᠪᠦᠳᠥᠭᠡᠯ ᠤᠳ ᠨᠢ ᠵᠠᠯᠠᠭᠤᠴᠤᠳ ᠤᠨ ᠬᠦᠷᠢᠶᠡᠯᠡᠯ ᠢ ᠶᠡᠭᠡᠳᠡ ᠤᠯᠵᠤ ᠪᠠᠶᠢᠨ᠎ᠠ︾ ᠭᠡᠵᠤ ᠨᠢᠭᠡ ᠳᠠᠯ᠎ᠠ ᠳᠤ ᠨᠢ ᠬᠤᠸᠠᠷ ᠬᠠᠳᠬᠤᠵᠤ ᠪᠠᠶᠢᠭᠰᠠᠨ ᠯᠢᠩᠬᠸ᠎ᠠ ᠨᠠᠰᠥᠳᠠᠨ ᠶᠠᠷᠢᠵᠤ ᠪᠠᠶᠢᠯ᠎ᠠ᠃      ︽ᠵᠠᠰᠠᠭᠳᠥ ᠬᠠᠳᠬᠤᠮᠠᠯ ᠢ ᠤᠯᠠᠮᠵᠢᠯᠠᠨ ᠬᠦᠭᠵᠢᠬᠦᠯᠬᠦ ᠵᠠᠮ ᠳᠡᠭᠡᠷ᠎ᠡ ᠮᠠᠨ ᠤ ᠠᠬᠠᠮᠠᠳ ᠪᠠᠭᠰᠢ ᠨᠡᠷ ᠤᠯᠠᠨ ᠳᠡᠮᠵᠢᠯᠭᠡ ᠦᠵᠡᠬᠦᠯᠵᠤ᠂ ᠨᠠᠮ᠎ᠠ ᠶᠢ ᠮᠠᠰᠢ ᠤᠷᠮᠠᠰᠢᠭᠤᠯᠵᠤ ᠵᠤᠷᠢᠬᠵᠢᠭᠤᠯᠤᠭᠰᠠᠭᠠᠷ ᠢᠷᠡᠵᠡᠢ᠃ ᠪᠠᠭᠰᠢ ᠨᠠᠷ ᠤᠨ ᠢᠶᠠᠨ ᠬᠠᠪᠰᠤᠷᠤᠯᠭ᠎ᠠ ᠪᠠᠷ ᠤᠯᠠᠮᠵᠢᠯᠠᠯᠳᠥ ᠬᠠᠳᠬᠤᠮᠠᠯ ᠪᠠ ᠤᠳᠥ ᠦᠶ᠎ᠡ ᠶᠢᠨ ᠬᠡᠪ ᠨᠠᠮᠪᠠ ᠶᠢ ᠤᠶᠠᠯᠳᠤᠭᠤᠯᠤᠭᠰᠠᠨ ᠰᠢᠨ᠎ᠡ ᠪᠦᠳᠥᠭᠡᠯ ᠤᠳ ᠢ ᠤᠯᠠᠨ ᠭᠠᠷᠭᠠᠵᠤ᠂ ᠵᠠᠰᠠᠭᠳᠥ ᠬᠠᠳᠬᠤᠮᠠᠯ ᠢᠶᠠᠨ ᠨᠡᠩ ᠤᠯᠠᠨ ᠬᠦᠮᠥᠨ ᠳᠤ ᠲᠠᠨᠢᠭᠤᠯᠥᠨ᠂ ᠡ᠊ᠨᠡ ᠬᠦ ᠪᠤᠳᠠᠰ ᠤᠨ ᠪᠤᠰᠥ ᠰᠤᠶᠤᠯ ᠤᠨ ᠦᠪ ᠢᠶᠠᠨ ᠤᠯᠠᠮ ᠰᠠᠶᠢᠨ ᠤᠯᠠᠮᠵᠢᠯᠠᠨ ᠬᠦᠭᠵᠢᠬᠦᠯᠥᠶ᠎ᠡ ᠭᠡᠵᠤ ᠪᠤᠳᠤᠵᠤ ᠪᠤᠢ᠃ ᠤᠶᠢᠷ᠎ᠠ ᠶᠢᠨ ᠬᠤᠶᠠᠷ ᠵᠢᠯ ᠳᠤ᠂ ᠮᠠᠨ ᠤ ᠪᠦᠳᠥᠭᠡᠯ ᠬᠦᠭᠡᠬᠤᠳᠠ᠂ ᠬᠦᠯᠥᠨ ᠪᠤᠶᠢᠷ᠂ ᠤᠯᠠᠭᠠᠨᠬᠠᠳᠠ ᠵᠡᠷᠭᠡ ᠭᠠᠵᠠᠷ ᠢᠶᠠᠷ ᠪᠤᠷᠤᠯᠠᠭᠤᠯᠭ᠎ᠠ ᠰᠠᠶᠢᠳᠠᠢ ᠪᠤᠯᠤᠭᠰᠠᠨ ᠪᠦᠭᠡᠳ ᠡ᠊ᠨᠡ ᠵᠢᠯ ᠠᠴᠠ ᠡᠬᠢᠯᠡᠨ ᠠᠯᠤᠰ ᠬᠤᠯᠠ ᠱᠠᠩᠬᠠᠢ᠂ ᠪᠡᠭᠡᠵᠢᠩ ᠵᠡᠷᠭᠡ ᠲᠤᠮᠤ ᠬᠤᠳᠠ ᠪᠠᠷ ᠴᠤ ᠪᠤᠷᠤᠯᠠᠭᠤᠯᠤᠭᠳᠠᠬᠤ ᠪᠤᠯᠵᠠᠢ᠃ ᠡᠮᠥᠨᠡᠭᠡᠨ ᠮᠠᠨ ᠤ ᠠᠵᠢᠯᠯᠠᠬᠤ ᠦᠷᠥᠭᠡ ᠬᠦᠭᠡᠬᠤᠳᠠ ᠶᠢᠨ ᠨᠢᠭᠡ ᠠᠵᠤ ᠠᠬᠤᠶᠢᠯᠠᠯ ᠤᠨ ᠵᠠᠰᠠᠭᠳᠥ ᠬᠠᠳᠬᠤᠮᠠᠯ ᠤᠨ ᠪᠦᠳᠥᠭᠡᠯ ᠤᠨ ᠵᠠᠬᠢᠶᠠᠯᠠᠭ᠎ᠠ ᠶᠢ 28 ᠬᠤᠪᠢ ᠲᠤᠰᠴᠤ᠂ ᠤᠳᠥ ᠮᠠᠨ ᠤ ᠤᠷᠠᠨ ᠬᠠᠳᠬᠤᠮᠠᠯᠴᠢᠳ ᠴᠠᠭ ᠨᠡᠮᠡᠵᠤ ᠠᠵᠢᠯᠯᠠᠵᠤ ᠪᠤᠢ︾ ᠭᠡᠵᠤ ᠪᠤᠤ ᠴᠦᠨ ᠬᠤᠸᠠ ᠶᠠᠷᠢᠵᠦ ᠪᠠᠶᠢᠯ᠎ᠠ᠃ 
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号