| ᠲᠠᠷᠭᠤᠨ ᠨᠠᠮᠤᠷ ᠤᠨ ᠲᠠᠩᠰᠤᠭ ᠤᠯᠠᠷᠢᠯ ᠪᠤᠯᠤᠬᠰᠠᠨᠠ ᠡᠯᠪᠡᠭ ᠬᠤᠷᠢᠶᠠᠯᠳᠠ ᠶᠢᠨ ᠡᠭᠡᠰᠢᠭ ᠬᠢᠩᠭᠠᠨ | ᠨᠤᠳᠤᠭ ᠢᠶᠠᠷ ᠬᠠᠩᠬᠢᠨᠠᠵᠦ᠂ ᠪᠦᠬᠦ ᠠᠶᠢᠮᠠᠭ ᠤᠨ 1780 ᠲᠦᠮᠡᠨ ᠮᠤ᠋ ᠲᠠᠷᠢᠶ᠎ᠠ ᠤᠳᠤ ᠨᠢᠬᠡᠨᠳᠡ ᠬᠤᠷᠢᠶᠠᠬᠤ | ᠬᠤᠭᠤᠴᠠᠭᠠᠨ ᠳᠠᠭᠠᠨ ᠤᠷᠤᠪᠠ᠃ ᠨᠢᠳᠤᠨᠤᠨ ᠪᠤᠯᠳᠠᠯ᠎ᠠ ᠪᠦᠬᠦ ᠠᠶᠢᠮᠠᠭ ᠤᠨ ᠠᠮᠤ ᠪᠤᠳᠠᠭᠠᠨ ᠤ ᠤᠨᠠᠯᠳᠠ ︽ᠠᠷᠪᠠᠨ | ᠲᠦᠷᠪᠡᠨ ᠵᠢᠯ ᠲᠠᠷᠠᠭᠠᠯᠠᠨ ᠡᠯᠪᠡᠭ ᠬᠤᠷᠢᠶᠠᠯᠳᠠ ᠤᠯᠵᠤ︾᠂ ᠲᠠᠷᠢᠶᠠᠯᠠᠩ ᠮᠠᠯ ᠠᠵᠤ ᠠᠬᠤᠢ ᠶᠢᠨ ᠬᠦᠭᠵᠢᠯᠳᠠ ︽ | ᠠᠷᠪᠠᠨ ᠵᠢᠯ ᠲᠠᠷᠠᠭᠠᠯᠠᠨ ᠲᠤᠭᠳᠠᠭᠤᠨ︾ ᠢ ᠪᠠᠳᠤᠯᠠᠭᠠᠳ ᠡ᠊ᠨᠠ ᠵᠢᠯ ᠬᠢᠩᠭᠠᠨ ᠠᠶᠢᠮᠠᠭ ᠮᠦᠨ ᠴᠤ ᠡᠯᠪᠡᠭ | ᠬᠤᠷᠢᠶᠠᠯᠳᠠ ᠪᠠᠨ ᠤᠭᠳᠤᠨ ᠠᠪᠴᠢᠷᠠᠯ᠎ᠠ᠃ | ᠡᠮᠤᠨᠡᠳᠤ ᠬᠤᠰᠢᠭᠤᠨ ᠤ ᠪᠤᠷᠭᠠᠰᠤᠳᠠᠢ ᠰᠢᠶᠠᠩ ᠤᠨ ᠬᠠᠯᠠᠭᠠᠢ ᠲᠤᠰᠬᠤᠨ ᠤ ᠤᠰᠤᠨ ᠲᠤᠳᠤᠷᠭ᠎ᠠ ᠲᠠᠷᠢᠬᠤ | ᠰᠠᠭᠤᠷᠢᠨ ᠭᠠᠵᠠᠷ ᠤᠨ ᠬᠠᠳᠤᠵᠤ ᠬᠤᠷᠢᠶᠠᠬᠤ ᠮᠠᠰᠢᠨ᠂ ᠵᠦᠭᠡᠭᠡᠪᠤᠷᠢᠯᠡᠬᠦ ᠮᠠᠰᠢᠨ ᠵᠡᠷᠭᠡ ᠲᠠᠷᠢᠶᠠᠯᠠᠩ ᠤᠨ ᠮᠠᠰᠢᠨ | ᠲᠦᠬᠦᠭᠡᠷᠤᠮᠵᠢ ᠲᠠᠷᠢᠶᠠᠨ ᠲᠤᠮᠳᠠᠭᠤᠷ ᠰᠦᠯᠵᠢᠯᠳᠤᠵᠤ᠂ ᠲᠠᠷᠢᠶᠠᠴᠢᠳ ᠴᠠᠭ ᠢ ᠠᠮᠵᠢᠨ ᠤᠰᠤᠨ ᠲᠤᠳᠤᠷᠭ᠎ᠠ ᠪᠠᠨ | ᠬᠤᠷᠢᠶᠠᠨ᠎ᠠ᠃ ︽ᠤᠤᠯ ᠳᠠᠭᠠᠨ ᠬᠦᠮᠤᠨ ᠤ ᠬᠦᠴᠤ ᠪᠠᠷ ᠤᠰᠤᠨ ᠲᠤᠳᠤᠷᠭ᠎ᠠ ᠲᠠᠷᠢᠵᠦ ᠬᠤᠷᠢᠶᠠᠳᠠᠭ ᠪᠤᠯᠬᠤᠷ | ᠤᠨᠠᠯᠳᠠ ᠲᠤᠤᠷ᠎ᠠ ᠪᠠᠶᠢᠵᠠᠢ᠃ ᠤᠳᠤᠬᠠᠨ ᠳᠤ ᠪᠦᠬᠦᠨ ᠢ ᠮᠠᠰᠢᠨᠴᠢᠯᠠᠬᠰᠠᠨ ᠠᠴᠠ ᠴᠠᠭ ᠪᠠ ᠬᠦᠮᠤᠨ ᠤ ᠬᠦᠴᠤ ᠶᠢ | ᠠᠷᠪᠢᠯᠠᠵᠠᠢ᠃ ᠡ᠊ᠨᠠ ᠵᠢᠯ ᠮᠤ᠋ ᠪᠦᠷᠢ ᠶᠢᠨ ᠤᠨᠠᠯᠳᠠ 1000 ᠵᠢᠩ ᠠᠴᠠ ᠲᠡᠭᠡᠭᠰᠢ ᠳᠤ ᠬᠦᠷᠴᠤ᠂ 6 ᠲᠦᠮᠠ | ᠭᠠᠷᠤᠢ ᠲᠦᠬᠦᠷᠢᠭ ᠤᠨ ᠤᠷᠤᠯᠭ᠎ᠠ ᠤᠯᠤᠨ᠎ᠠ︾ ᠭᠡᠵᠤ ᠬᠠᠯᠠᠭᠠᠢ ᠲᠤᠰᠬᠤᠨ ᠤ ᠲᠠᠷᠢᠶᠠᠴᠢᠨ ᠯᠢᠥ ᠳ᠋ᠢᠶᠠᠨ ᠱᠧᠩ | ᠪᠠᠶᠠᠷᠳᠠᠢ ᠶᠠᠷᠢᠨ᠎ᠠ᠃ | ᠬᠢᠩᠭᠠᠨ ᠠᠶᠢᠮᠠᠭ ᠤᠨ 6 ᠬᠤᠰᠢᠭᠤ ᠰᠢᠶᠠᠨ ᠬᠤᠳᠠ ᠶᠢᠨ 5 ᠨᠢ ᠤᠯᠤᠰ ᠤᠨ ᠠᠮᠤ ᠪᠤᠳᠠᠭᠠᠨ ᠤ | ᠦᠢᠯᠡᠳᠪᠦᠷᠢᠯᠡᠯ ᠤᠨ ᠲᠤᠮᠤ ᠬᠤᠰᠢᠭᠤ ᠰᠢᠶᠠᠨ ᠪᠤᠯᠤᠨ᠎ᠠ᠃ ᠡ᠊ᠨᠠ ᠵᠢᠯ᠂ ᠬᠢᠩᠭᠠᠨ ᠠᠶᠢᠮᠠᠭ 1780 ᠲᠦᠮᠡᠨ ᠮᠤ᠋ | ᠲᠠᠷᠢᠶ᠎ᠠ ᠲᠠᠷᠢᠵᠦ᠂ ᠡᠬᠦᠨ ᠳᠤ ᠠᠮᠤ ᠪᠤᠳᠠᠭ᠎ᠠ ᠶᠢ 1700 ᠲᠦᠮᠡᠨ ᠮᠤ᠋ ᠲᠠᠷᠢᠵᠦ᠂ ᠡᠷᠳᠡᠨᠢ ᠰᠢᠰᠢ ᠶᠢ 1278.2 | ᠲᠦᠮᠡᠨ ᠮᠤ᠋ ᠲᠠᠷᠢᠵᠦ᠂ ᠤᠰᠤᠨ ᠲᠤᠳᠤᠷᠭ᠎ᠠ ᠶᠢ 115 ᠲᠦᠮᠡᠨ ᠮᠤ᠋ ᠲᠠᠷᠢᠵᠦ᠂ ᠪᠠᠷᠤᠬᠯᠠᠪᠠᠯ 140 ᠳ᠋ᠦᠩᠰᠢᠭᠤᠷ | ᠵᠢᠩ ᠠᠮᠤ ᠪᠤᠳᠠᠭ᠎ᠠ ᠬᠤᠷᠢᠶᠠᠵᠦ᠂ ︽ᠠᠷᠪᠠᠨ ᠲᠠᠪᠤᠨ ᠵᠢᠯ ᠲᠠᠷᠠᠭᠠᠯᠠᠨ ᠡᠯᠪᠡᠭ ᠬᠤᠷᠢᠶᠠᠯᠳᠠ ᠤᠯᠬᠤ︾ ᠪᠤᠯᠤᠨ᠎ᠠ᠃ | ᠠᠮᠤ ᠪᠤᠳᠠᠭᠠᠨ ᠤ ᠤᠨᠠᠯᠳᠠ ᠡᠯᠪᠡᠭ ᠬᠤᠷᠢᠶᠠᠯᠳᠠ ᠤᠯᠤᠭᠰᠠᠨ ᠤ ᠬᠠᠮᠳᠤ ᠮᠠᠯ ᠠᠵᠤ ᠠᠬᠤᠢ ᠴᠤ ᠡᠯᠪᠡᠭ | ᠬᠤᠷᠢᠶᠠᠯᠳᠠ ᠤᠯᠵᠠᠢ᠃ ᠬᠢᠩᠭᠠᠨ ᠠᠶᠢᠮᠠᠭ ᠵᠢᠯ ᠪᠦᠷᠢ 50 ᠳ᠋ᠦᠩᠰᠢᠭᠤᠷ ᠺᠢᠯᠦᠭᠷᠡᠮ ᠡᠪᠡᠰᠦ ᠬᠤᠷᠢᠶᠠᠵᠦ᠂ ᠵᠢᠯ | ᠪᠦᠷᠢ 7 ᠳ᠋ᠦᠩᠰᠢᠭᠤᠷ ᠺᠢᠯᠦᠭᠷᠡᠮ ᠠᠴᠠ ᠲᠡᠭᠡᠭᠰᠢᠬᠢ ᠡᠪᠡᠰᠦ ᠨᠦᠭᠡᠴᠡᠯᠡᠵᠦ ᠪᠠᠶᠢᠨ᠎ᠠ᠃ ᠬᠤᠷᠴᠢᠨ ᠪᠠᠷᠠᠭᠤᠨ ᠭᠠᠷᠤᠨ | ᠡᠮᠤᠨᠡᠳᠤ ᠬᠤᠰᠢᠭᠤᠨ ᠤ ᠤᠰᠤᠨ ᠡᠬᠢ ᠭᠠᠴᠠᠭᠠᠨ ᠤ ᠮᠠᠯᠴᠢᠨ ᠪᠤᠤ ᠪᠠᠢ ᠰᠦᠢ ᠶᠢᠨ ᠬᠢᠨ 3300 ᠮᠤ᠋ ᠭᠠᠷᠤᠢ | ᠪᠡᠯᠴᠢᠭᠡᠷ ᠲᠠᠢ᠃ ᠬᠡᠳᠤᠨ ᠵᠢᠯ ᠤᠨ ᠡᠮᠤᠨ᠎ᠠ᠂ ᠬᠤᠨᠢ ᠮᠠᠯ ᠲᠡᠵᠢᠭᠡᠬᠦ ᠪᠠᠨ ᠪᠤᠯᠢᠵᠦ᠂ ᠲᠤᠰᠬᠠᠶᠢᠯᠠᠨ ᠡᠪᠡᠰᠤ ᠪᠠᠨ | ᠪᠤᠭᠤᠳᠠᠯᠯᠠᠵᠦ ᠬᠤᠳᠠᠯᠳᠤᠭᠠᠳ ᠤᠷᠤᠯᠭ᠎ᠠ ᠪᠠᠨ ᠵᠢᠯ ᠠᠴᠠ ᠵᠢᠯ ᠨᠡᠮᠡᠭᠳᠡᠭᠦᠯᠵᠦ ᠪᠤᠢ᠃ ︽ᠡ᠊ᠨᠠ ᠵᠢᠯ 1200 | ᠭᠠᠷᠤᠢ ᠪᠤᠭᠤᠯᠳᠠ ᠡᠪᠡᠰᠤ ᠬᠤᠷᠢᠶᠠᠵᠤ᠂ ᠪᠤᠭᠤᠯᠳᠠ ᠪᠦᠷᠢ ᠶᠢ 300 ᠭᠠᠷᠤᠢ ᠲᠦᠬᠦᠷᠢᠭ ᠢᠶᠠᠷ ᠬᠤᠳᠠᠯᠳᠤᠪᠡᠯ 30 | ᠭᠠᠷᠤᠢ ᠲᠦᠮᠡᠨ ᠲᠦᠬᠦᠷᠢᠭ ᠤᠯᠬᠤ ᠳᠤ ᠠᠰᠠᠭᠤᠳᠠᠯ ᠦᠭᠡᠢ︾ ᠭᠡᠵᠤ ᠪᠤᠥ ᠪᠠᠢ ᠰᠦᠢ ᠶᠠᠷᠢᠪᠠ᠃ | ︽ᠮᠠᠨ ᠤ ᠵᠢᠮᠢᠰ ᠤᠨ ᠬᠦᠷᠢᠶᠡᠯᠡᠩ ᠵᠢᠮᠢᠰ ᠤᠨ ᠲᠦᠷᠤᠯ ᠵᠦᠢᠯ ᠢ ᠪᠠᠶᠠᠯᠢᠭᠵᠢᠭᠤᠯᠬᠤ ᠲᠡᠭᠡᠷ᠎ᠠ ᠬᠦᠴᠦᠯᠡᠵᠦ᠂ | 2022 ᠤᠨ ᠳᠤ ᠲᠤᠰᠢᠯᠤᠭ ᠲᠤᠭᠤᠷ ᠲᠠᠷᠢᠵᠦ᠂ ᠬᠤᠶᠠᠷ ᠵᠢᠯ ᠤᠨ ᠨᠠᠷᠢᠨ ᠠᠷᠠᠴᠢᠯᠠᠭ᠎ᠠ ᠪᠠᠷ ᠤᠳᠤ ᠲᠤᠰᠤᠯᠢᠭ | ᠲᠤᠭᠤᠷ ᠨᠢᠬᠡᠨᠳᠡ ᠪᠤᠯᠪᠠᠰᠤᠷᠠᠬᠰᠠᠨ ᠪᠠᠶᠢᠨ᠎ᠠ᠃ ᠲᠦᠷᠦᠭᠦᠤ ᠵᠢᠯ 500 ᠭᠠᠷᠤᠢ ᠲᠤᠰᠢᠯᠤᠭ ᠲᠤᠭᠤᠷ ᠤᠨ | ᠮᠤᠳᠤᠨ ᠠᠴᠠ 1000 ᠭᠠᠷᠤᠢ ᠵᠢᠩ ᠵᠢᠮᠢᠰ ᠬᠤᠷᠢᠶᠠᠵᠤ᠂ ᠲᠠᠷᠠᠭ᠎ᠠ ᠵᠢᠯ ᠤᠨ ᠤᠨᠠᠯᠳᠠ ᠪᠠᠷᠤᠭ ᠲᠠᠬᠢᠨ ᠢᠶᠠᠷ | ᠨᠡᠮᠡᠭᠳᠡᠨ᠎ᠠ︾ ᠭᠡᠵᠤ ᠦᠪᠤᠷ ᠮᠤᠩᠭᠤᠯ ᠤᠨ ᠳ᠋ᠧ ᠹᠦ᠋ ᠵᠢᠮᠢᠰ ᠤᠨ ᠠᠵᠤ ᠦᠢᠯᠡᠰ ᠤᠨ ᠬᠢᠵᠠᠭᠠᠷᠳᠤ ᠺᠤᠮᠫᠠᠨᠢ ᠶᠢᠨ | ᠬᠠᠥᠯᠢ ᠶᠢᠨ ᠡᠷᠬᠡᠳᠠᠨ ᠴᠧᠨ ᡁᠢ ᠲᠠᠨᠢᠯᠴᠠᠭᠤᠯᠤᠨ᠎ᠠ᠃ | |