| ᠬᠤᠪᠢᠯᠭᠠᠨ ᠣᠩᠭᠤᠴᠠ ᠠᠷᠪᠠ ᠶᠢᠰᠦᠳᠦᠭᠡᠷ ᠤᠨ ᠬᠥᠮᠦᠨ ᠠᠴᠢᠭᠰᠠᠨ ᠨᠢᠰᠦᠯᠲᠡ ᠶᠢᠨ ᠡᠭᠦᠷᠭᠡ ᠶᠢᠨ ᠲᠤᠬᠠᠶ ᠰᠣᠨᠢᠨ | ᠮᠡᠳᠡᠭᠡ ᠨᠡᠶᠢᠲᠡᠯᠡᠬᠦ ᠬᠤᠷᠠᠯ ᠢ 29 ᠤ ᠡᠳᠦᠷ ᠵᠢᠦᠴᠢᠤᠸᠠᠨ ᠳᠠᠭᠠᠭᠤᠯᠢ ᠣᠳᠣ ᠬᠠᠷᠪᠤᠬᠤ ᠲᠥᠪ ᠲᠤ ᠶᠠᠪᠤᠭᠳᠠᠭᠤᠯᠵᠠᠢ᠃ | ᠳᠤᠮᠳᠠᠳᠤ ᠤᠯᠤᠰ ᠤᠨ ᠬᠥᠮᠦᠨ ᠠᠴᠢᠭᠰᠠᠨ ᠰᠠᠨᠰᠠᠷ ᠠᠶᠠᠯᠠᠯ ᠤᠨ ᠢᠨᠵᠧᠨᠧᠷᠢᠩ ᠤᠨ ᠰᠣᠨᠢᠨ ᠮᠡᠳᠡᠭᠡ ᠥᠭᠦᠯᠡᠭᠴᠢ ᠯᠢᠨ | ᠰᠢ ᠴᠢᠶᠠᠩ ᠬᠤᠷᠠᠯ ᠳᠡᠭᠡᠷ᠎ᠡ ᠢᠯᠡᠷᠬᠡᠶᠢᠯᠡᠭᠰᠡᠨ ᠢᠶᠠᠷ᠂ ᠡᠭᠦᠷᠭᠡ ᠶᠢᠨ ᠶᠡᠷᠦᠩᠬᠡᠶ ᠵᠢᠯᠣᠭᠤᠳᠬᠤ ᠭᠠᠵᠠᠷ ᠠᠴᠠ ᠪᠡᠭᠡᠵᠢᠩ ᠤᠨ | ᠴᠠᠭ ᠢᠶᠠᠷ 10 ᠳ᠋ᠤᠭᠠᠷ ᠰᠠᠷ᠎ᠠ ᠶᠢᠨ 30 ᠤ ᠡᠳᠦᠷ ᠤᠨ 4 ᠴᠠᠭ 27 ᠮᠢᠨᠦ᠋ᠲ ᠲᠤ ᠬᠤᠪᠢᠯᠭᠠᠨ ᠣᠩᠭᠤᠴᠠ ᠠᠷᠪᠠ | ᠶᠢᠰᠦᠳᠦᠭᠡᠷ ᠬᠥᠮᠦᠨ ᠠᠴᠢᠭᠰᠠᠨ ᠨᠢᠰᠬᠦ ᠣᠩᠭᠤᠴᠠ ᠶᠢ ᠬᠠᠷᠪᠤᠬᠤ ᠪᠠᠷ ᠰᠤᠳᠤᠯᠤᠨ ᠲᠣᠭᠲᠠᠭᠠᠪᠠ᠃ | ᠳᠤᠮᠲᠠᠲᠦ ᠤᠯᠤᠰ ᠤᠨ ᠬᠦᠮᠦᠨ ᠠᠴᠢᠭᠰᠠᠨ ᠰᠠᠨᠰᠠᠷ ᠠᠶᠠᠯᠠᠯ ᠤᠨ ᠢᠨᠵᠧᠨᠧᠷᠢᠩ ᠤᠨ ᠠᠯᠪᠡᠨ ᠭᠡᠷ ᠤᠨ ᠮᠡᠲᠡᠭᠡ ᠶᠢ | ᠦᠨᠲᠦᠰᠦᠯᠡᠪᠡᠯ᠂ ᠡᠭᠦᠷᠬᠡ ᠶᠢᠨ ᠶᠡᠷᠦᠩᠭᠡᠢ ᠵᠢᠯᠤᠭᠤᠳᠬᠤ ᠭᠠᠵᠠᠷ ᠠᠴᠠ ᠬᠤᠪᠢᠯᠭᠠᠨ ᠣᠩᠭᠤᠴᠠ ᠠᠷᠪᠠ ᠶᠢᠰᠦᠲᠦᠬᠡᠷ ᠤᠨ | ᠬᠦᠮᠦᠨ ᠠᠴᠢᠭᠰᠠᠨ ᠰᠠᠨᠰᠠᠷ ᠠᠶᠠᠯᠠᠯ ᠤᠨ ᠡᠭᠦᠷᠬᠡ ᠶᠢ ᠭᠦᠢᠴᠡᠳᠬᠡᠭᠦ ᠰᠠᠨᠰᠠᠷᠴᠢᠳ ᠤᠨ ᠳᠤᠭᠤᠶᠢᠯᠠᠩ ᠨᠢ ᠼᠠᠢ ᠰᠢᠤᠢ ᠵᠧ᠂ | ᠰᠦᠩ ᠯᠢᠩ ᠳ᠋ᠦᠩ᠂ ᠸᠠᠩ ᠬᠤᠤ ᠽᠧ 3 ᠰᠠᠨᠰᠠᠷᠴᠢᠨ ᠢᠶᠠᠷ ᠪᠦᠷᠢᠯᠲᠤᠵᠦ᠂ ᠼᠠᠢ ᠰᠢᠤᠢ ᠵᠧ ᠶᠢ ᠵᠠᠷᠯᠢᠭᠲᠠᠨ ᠤ | ᠲᠤᠰᠢᠶᠠᠯ ᠡᠭᠦᠷᠭᠡᠯᠡᠭᠦᠯᠬᠦ ᠪᠠᠷ ᠲᠣᠭᠲᠠᠭᠠᠪᠠ᠃ ᠡᠭᠦᠨ ᠳᠤ ᠰᠠᠨᠰᠠᠷᠴᠢᠨ ᠼᠠᠢ ᠰᠢᠤᠶ ᠵᠧ ᠬᠤᠪᠢᠯᠭᠠᠨ ᠣᠩᠭᠤᠴᠠ ᠠᠷᠪᠠᠨ | ᠳᠥᠷᠪᠡᠳᠦᠭᠡᠷ ᠤᠨ ᠬᠥᠮᠦᠨ ᠠᠴᠢᠭᠰᠠᠨ ᠨᠢᠰᠦᠯᠲᠡ ᠶᠢᠨ ᠡᠭᠦᠷᠭᠡ ᠶᠢ ᠭᠦᠢᠴᠡᠳᠬᠡᠵᠦ ᠥᠩᠭᠡᠷᠡᠵᠡᠶ︔ ᠰᠠᠨᠰᠠᠷᠴᠢᠨ ᠰᠥᠩ | ᠯᠢᠩ ᠳ᠋ᠦᠩ᠂ ᠰᠠᠨᠰᠠᠷᠴᠢᠨ ᠸᠠᠩ ᠬᠤᠤ ᠽᠧ ᠨᠢ ᠨᠢᠰᠦᠯᠲᠡ ᠶᠢᠨ ᠡᠭᠦᠷᠭᠡ ᠶᠢ ᠠᠩᠬ᠎ᠠ ᠤᠳᠠᠭ᠎ᠠ ᠭᠦᠢᠴᠡᠳᠬᠡᠬᠦ ᠭᠡᠵᠦ | ᠪᠠᠶᠢᠭ᠎ᠠ ᠶᠡᠷᠡᠭᠡᠳ ᠣᠨ ᠳᠤ ᠲᠥᠷᠥᠭᠰᠡᠳ ᠪᠥᠭᠡᠳ ᠰᠠᠨᠰᠠᠷᠴᠢᠨ ᠸᠠᠩ ᠬᠤᠤ ᠽᠧ ᠨᠢ ᠮᠠᠨ ᠤ ᠤᠯᠤᠰ ᠤᠨ ᠰᠠᠨᠰᠠᠷ | ᠠᠶᠠᠯᠠᠯ ᠤᠨ ᠠᠩᠬᠠᠳᠠᠭᠴᠢ ᠡᠮᠡᠭᠲᠡᠢ ᠢᠨᠵᠧᠨᠧᠷ ᠪᠣᠯᠣᠨ᠎ᠠ᠃ | |