ᠵᠡᠮᠳᠡᠭᠴᠤᠳ ᠤᠨ ᠠᠵᠢᠯ ᠤᠯᠭᠤᠯᠳᠠ ᠶᠢ ᠬᠦᠴᠤᠯᠠᠨ ᠠᠬᠢᠭᠤᠯᠵᠤ ᠪᠤᠢ
ᠨᠡᠶᠢᠲᠡᠯᠡᠭᠰᠡᠨ ᠴᠠᠭ᠄
2024/10/9
       ︽ᠪᠢ ᠤᠶᠢᠰᠤᠨ ᠵᠢᠷᠤᠭ ᠢᠶᠠᠷ ᠤᠷᠤᠯᠭ᠎ᠠ ᠪᠠᠨ ᠨᠡᠮᠡᠭᠳᠡᠬᠦᠯᠥᠭᠰᠡᠨ ᠢᠶᠠᠷ ᠪᠡᠷᠠᠬᠤ ᠦᠭᠡᠢ᠂ ᠠᠵᠢᠯ ᠤᠨ ᠴᠢᠯᠤᠭᠡᠨ ᠤ ᠠᠮᠢᠳᠤᠷᠠᠯ ᠢᠶᠠᠨ ᠪᠠᠶᠠᠯᠢᠭᠵᠢᠭᠤᠯᠵᠤ᠂ ᠤᠶᠢᠰᠤᠨ ᠵᠢᠷᠤᠭ ᠰᠤᠷᠤᠯᠴᠠᠬᠤ ᠰᠠᠨᠠᠭᠠᠳᠠᠢ ᠬᠦᠮᠤᠰ ᠪᠠᠶᠢᠪᠠᠯ ᠨᠠᠳᠠ ᠠᠴᠠ ᠰᠤᠷᠤᠯᠴᠠᠵᠤ ᠪᠤᠯᠤᠨ᠎ᠠ︾ ᠭᠡᠵᠤ ᠡᠮᠤᠨᠡᠬᠡᠨ ᠬᠢᠩᠭᠠᠨ ᠠᠶᠢᠮᠠᠭ ᠤᠨ ᠵᠡᠮᠳᠡᠭᠴᠤᠳ ᠤᠨ ᠠᠵᠢᠯ ᠤᠯᠭᠤᠬᠤ ᠦᠢᠯᠡᠴᠢᠯᠡᠭᠡᠨ ᠤ ᠲᠦᠪ ᠤᠨ ᠤᠶᠢᠰᠤᠨ ᠵᠢᠷᠤᠭ ᠤᠨ ᠭᠠᠷ ᠤᠷᠠᠯᠠᠯ ᠢ ᠬᠢᠵᠤ ᠤᠷᠠᠯᠠᠬᠤ ᠪᠤᠯᠪᠠᠰᠤᠷᠠᠯ ᠳᠤ ᠠᠶᠢᠮᠠᠭ ᠤᠨ ᠲᠡᠰ ᠤᠨ ᠤᠶᠢᠰᠤᠨ ᠵᠢᠷᠤᠭ ᠤᠨ ᠪᠤᠳᠠᠰ ᠤᠨ ᠪᠤᠰᠤ ᠰᠤᠶᠤᠯ ᠤᠨ ᠦᠪ ᠤᠨ ᠦᠪᠯᠠᠨ ᠵᠠᠯᠭᠠᠮᠵᠢᠯᠠᠭᠴᠢ ᠯᠢ ᠱᠦ ᠵᠢᠩ ᠶᠠᠷᠢᠨ᠎ᠠ᠃     ᠯᠢ ᠱᠦ ᠶᠢᠩ ᠲᠡᠬᠦᠨ ᠲᠠᠢ ᠠᠳᠠᠯᠢ ᠤᠯᠠᠨ ᠠᠷᠪᠢᠨ ᠵᠡᠮᠳᠡᠭᠴᠤᠳ ᠢ ᠬᠠᠪᠰᠤᠷᠤᠨ ᠮᠡᠷᠭᠡᠵᠢᠯ ᠰᠤᠷᠤᠯᠴᠠᠭᠤᠯᠤᠭᠰᠠᠨ ᠤ ᠬᠠᠮᠳᠤ ᠲᠡᠳᠡᠨ ᠤ ᠠᠵᠢᠯ ᠤᠯᠭᠤᠯᠳᠠ ᠶᠢ ᠨᠢ ᠪᠡᠶᠡᠯᠡᠬᠦᠯᠵᠠᠢ᠃ ᠬᠢᠩᠭᠠᠨ ᠠᠶᠢᠮᠠᠭ ᠤᠨ ᠵᠡᠮᠳᠡᠭᠴᠤᠳ ᠤᠨ ᠬᠤᠯᠪᠤᠭ᠎ᠠ ᠵᠡᠮᠳᠡᠭᠴᠤᠳ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠤᠯ ᠵᠦᠢᠯ ᠤᠨ ᠲᠠᠪᠴᠠᠩ ᠢᠶᠠᠷ ᠲᠠᠮᠵᠢᠨ᠂ ᠯᠢ ᠱᠦ ᠶᠢᠩ ᠵᠡᠷᠭᠡ ᠬᠦᠮᠤᠰ ᠢ ᠲᠠᠨᠢᠯᠴᠠᠭᠤᠯᠤᠨ ᠤᠶᠢᠰᠤᠨ ᠵᠢᠷᠤᠭ ᠬᠢᠬᠦ ᠵᠡᠷᠭᠡ ᠤᠷᠤᠯᠳᠤᠭᠠᠨ ᠳᠤ ᠤᠷᠤᠯᠴᠠᠭᠤᠯᠵᠤ᠂ ᠪᠤᠳᠠᠰ ᠤᠨ ᠪᠤᠰᠤ ᠰᠤᠶᠤᠯ ᠤᠨ ᠦᠪ ᠤᠨ ᠲᠦᠷᠤᠯ ᠵᠦᠢᠯ ᠢ ᠭᠤᠶᠤᠴᠢᠯᠠᠨ ᠮᠡᠳᠡᠬᠦᠯᠵᠤ᠂ ᠲᠡᠳᠠᠨᠠᠷ ᠤᠨ ᠵᠠᠮᠳᠡᠭᠴᠤᠳ ᠢ ᠲᠠᠶᠢᠴᠢᠯᠠᠨ ᠠᠵᠢᠯ ᠤᠯᠬᠤ ᠦᠢᠯᠡᠳᠤᠯ ᠢ ᠬᠦᠢᠴᠡᠳ ᠪᠠᠳᠠᠷᠠᠭᠤᠯᠪᠠ᠃     ᠡ᠊ᠨᠠ ᠵᠢᠯ ᠠᠴᠠ ᠨᠠᠭᠠᠰᠢ᠂ ᠬᠢᠩᠭᠠᠨ ᠠᠶᠢᠮᠠᠭ ᠤᠨ ᠵᠡᠮᠳᠡᠭᠴᠤᠳ ᠤᠨ ᠬᠤᠯᠪᠤᠭ᠎ᠠ ᠵᠡᠮᠳᠡᠭᠴᠤᠳ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠤᠯ ᠵᠦᠢᠯ ᠤᠨ ᠲᠠᠪᠴᠠᠩ᠂ ᠮᠡᠷᠭᠡᠵᠢᠯ ᠤᠨ ᠪᠤᠯᠪᠠᠰᠤᠷᠠᠯ ᠤᠨ ᠲᠠᠪᠴᠠᠩ᠂ ᠰᠦᠯᠵᠢᠶᠠᠨ ᠲᠡᠭᠡᠷ᠎ᠠ ᠪᠠ ᠪᠤᠳᠠᠳᠠᠢ ᠳᠤ ᠠᠵᠢᠯᠴᠢᠨ ᠡᠯᠰᠡᠬᠦ ᠲᠠᠪᠴᠠᠩ᠂ ᠲᠦᠪᠯᠡᠷᠡᠬᠦᠯᠤᠨ ᠠᠵᠢᠯ ᠤᠯᠬᠤ ᠲᠠᠪᠴᠠᠩ᠂ ᠠᠮᠢᠳᠤᠯᠢᠭ ᠢᠶᠠᠷ ᠠᠵᠢᠯ ᠤᠯᠵᠤ ᠤᠷᠤᠯᠭ᠎ᠠ ᠨᠡᠮᠡᠭᠳᠡᠬᠦᠯᠬᠦ ᠲᠠᠪᠴᠠᠩ ᠢ ᠪᠠᠶᠢᠭᠤᠯᠵᠤ᠂ ᠤᠯᠠᠨ ᠠᠷᠭ᠎ᠠ ᠠᠪᠴᠠᠯ ᠢᠶᠠᠷ ᠵᠡᠮᠳᠡᠭᠴᠤᠳ ᠤᠨ ᠠᠵᠢᠯ ᠤᠯᠭᠤᠯᠳᠠ ᠦᠢᠯᠡᠰ ᠪᠤᠰᠬᠠᠬᠤ ᠶᠢ ᠠᠬᠢᠭᠤᠯᠵᠤ᠂ ᠤᠷᠤᠯᠭ᠎ᠠ ᠨᠡᠮᠡᠭᠳᠡᠬᠦᠯᠬᠦ ᠠᠷᠭ᠎ᠠ ᠵᠠᠮ ᠢ ᠨᠢ ᠦᠷᠭᠡᠳᠭᠡᠵᠤ ᠪᠤᠢ᠃     ︽ᠦᠩᠭᠡᠷᠡᠭᠰᠡᠨ ᠵᠢᠯ ᠳᠤ ᠪᠢ ᠵᠡᠮᠳᠡᠭᠴᠤᠳ ᠤᠨ ᠬᠤᠯᠪᠤᠭᠠᠨ ᠤ ᠰᠦᠢᠳᠭᠡᠯ ᠬᠤᠷᠢᠶᠠᠬᠤ ᠦᠭᠡᠢ ᠪᠠᠷ ᠡᠷᠬᠢᠯᠡᠭᠰᠡᠨ ᠪᠤᠯᠪᠠᠰᠤᠷᠠᠯ ᠳᠤ ᠭᠡᠵᠢᠭᠡ ᠵᠠᠰᠠᠬᠤ ᠶᠢ ᠰᠤᠷᠤᠯᠴᠠᠵᠤ᠂ ᠤᠳᠤ ᠦᠷᠬᠦᠯᠵᠢ ᠨᠡᠶᠢᠭᠡᠮ ᠲᠤᠭᠤᠷᠢᠭ ᠤᠨ ᠵᠡᠮᠳᠡᠭᠴᠤᠳ ᠲᠤ ᠭᠡᠷ ᠲᠤᠨᠢ ᠬᠦᠷᠴᠤ ᠰᠦᠢᠳᠭᠡᠯ ᠠᠪᠬᠤ ᠦᠭᠡᠢ ᠪᠠᠷ ᠦᠢᠯᠡᠴᠢᠯᠡᠭᠡ ᠬᠠᠩᠭᠠᠵᠤ᠂ ᠤᠯᠠᠷᠢᠯ ᠪᠦᠷᠢ ᠵᠡᠮᠳᠡᠭᠴᠤᠤᠨ ᠤᠨ ᠬᠤᠯᠪᠤᠭ᠎ᠠ ᠠᠴᠠ ᠬᠦᠮᠤᠨ ᠪᠦᠷᠢ ᠳᠤ 20 ᠲᠦᠬᠦᠷᠢᠭ ᠤᠨ ᠪᠠᠷᠢᠮᠵᠢᠶ᠎ᠠ ᠪᠠᠷ ᠨᠦᠬᠦᠪᠤᠷᠢ ᠦᠭᠴᠤ᠂ ᠪᠢ ᠭᠡᠷ ᠠᠴᠠ ᠪᠠᠨ ᠭᠠᠷᠬᠤ ᠦᠬᠡᠢ ᠪᠠᠷ ᠤᠷᠤᠯᠭ᠎ᠠ ᠤᠯᠤᠯ᠎ᠠ︾ ᠭᠡᠵᠤ ᠲᠦᠴᠢᠣᠸᠡᠠ ᠰᠢᠶᠠᠨ ᠤ ᠸᠠᠩ ᠱᠦ ᠷᠦᠩ ᠶᠠᠷᠢᠨ᠎ᠠ᠃    ᠨᠡᠩ ᠤᠯᠠᠨ ᠵᠡᠮᠳᠡᠭᠴᠤᠳ ᠲᠤ ᠮᠡᠷᠭᠡᠵᠢᠯ ᠡᠵᠡᠮᠰᠢᠬᠦᠯᠬᠦ ᠪᠠᠷ᠂ ᠬᠢᠩᠭᠠᠨ ᠠᠶᠢᠮᠠᠭ ᠤᠨ ᠵᠡᠮᠳᠡᠭᠴᠤᠳ ᠤᠨ ᠬᠤᠯᠪᠤᠭ᠎ᠠ ᠵᠢᠴᠢ ᠡᠯ᠎ᠠ ᠬᠤᠰᠢᠭᠤ ᠰᠢᠶᠠᠨ ᠬᠤᠳᠠ ᠶᠢᠨ ᠵᠡᠮᠳᠡᠭᠴᠤᠳ ᠤᠨ ᠬᠤᠯᠪᠤᠭ᠎ᠠ᠂ ᠲᠤᠰᠬᠠᠢ ᠨᠡᠶᠢᠭᠡᠮᠯᠢᠭ ᠠᠴᠠ ᠤᠯᠠᠨ ᠲᠦᠷᠤᠯ ᠤᠨ ᠮᠡᠷᠭᠡᠵᠢᠯ ᠤᠨ ᠪᠤᠯᠪᠠᠰᠤᠷᠠᠯ ᠵᠤᠬᠢᠶᠠᠨ ᠪᠠᠶᠢᠭᠤᠯᠤᠨ ᠦᠷᠨᠢᠬᠦᠯᠪᠠ᠃ ᠲᠦᠴᠢᠣᠸᠠᠨ ᠰᠢᠶᠠᠨ ᠤ ᠵᠡᠮᠳᠡᠭᠴᠤᠳ ᠤᠨ ᠬᠤᠯᠪᠤᠭ᠎ᠠ ᠭᠡᠵᠢᠭᠡ ᠵᠠᠰᠠᠬᠤ ᠮᠡᠷᠭᠡᠵᠢᠯ ᠤᠨ ᠪᠤᠯᠪᠠᠰᠤᠷᠠᠯ ᠢᠶᠠᠷ ᠲᠠᠮᠵᠢᠨ 160 ᠭᠠᠷᠤᠢ ᠵᠡᠮᠳᠡᠭᠴᠤᠳ ᠲᠤ ᠭᠡᠵᠢᠭᠡ ᠵᠠᠰᠠᠬᠤ ᠮᠡᠷᠭᠡᠵᠢᠯ ᠬᠦᠷᠳᠡᠭᠡᠯ᠎ᠠ︔ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤ ᠮᠠᠯ ᠪᠠ ᠵᠢᠬᠦᠷᠳᠡᠨ ᠲᠡᠵᠢᠭᠡᠨ ᠦᠷᠡᠵᠢᠬᠦᠯᠬᠦ᠂ ᠭᠠᠷ ᠤᠷᠠᠯᠠᠯ ᠬᠢᠬᠦ ᠵᠡᠷᠭᠡ ᠮᠡᠷᠭᠡᠵᠢᠯ ᠤᠨ ᠪᠤᠯᠪᠠᠰᠤᠷᠠᠯ ᠢ 7 ᠬᠤᠭᠤᠴᠠᠭ᠎ᠠ ᠦᠷᠨᠢᠬᠦᠯᠵᠤ᠂ 280 ᠭᠠᠷᠤᠢ ᠵᠡᠮᠳᠡᠭᠴᠤᠳ ᠲᠤ ᠠᠰᠢᠭ ᠬᠦᠷᠳᠠᠭᠡᠵᠠᠢ᠃     4 ᠰᠠᠷ᠎ᠠ ᠳᠤ᠂ ᠬᠢᠩᠭᠠᠨ ᠠᠶᠢᠮᠠᠭ ᠤᠨ ᠵᠡᠮᠳᠡᠭᠴᠤᠳ ᠤᠨ ᠲᠤᠰᠬᠠᠢ ᠲᠠᠯᠠᠪᠤᠷ ᠠᠵᠢᠯᠴᠢᠨ ᠤᠷᠢᠬᠤ ᠴᠤᠭᠯᠠᠭᠠᠨ ᠳᠤ 10 ᠭᠠᠷᠤᠢ ᠨᠢᠬᠦᠯᠡᠰᠦᠩᠬᠦᠢ ᠠᠵᠤ ᠠᠬᠤᠶᠢᠯᠠᠯ ᠠᠴᠠ 20 ᠭᠠᠷᠤᠢ ᠠᠵᠢᠯ ᠤᠨ ᠪᠠᠶᠢᠷᠢ ᠬᠠᠩᠭᠠᠨ᠂ ᠵᠠᠭᠤ ᠭᠠᠷᠤᠢ ᠵᠡᠮᠳᠡᠭᠴᠤᠳ ᠠᠵᠢᠯᠳᠠᠨ ᠡᠯᠰᠡᠬᠦ ᠴᠤᠭᠯᠠᠭᠠᠨ ᠳᠤ ᠤᠷᠤᠯᠴᠠᠵᠤ᠂ 20 ᠭᠠᠷᠤᠢ ᠵᠡᠮᠳᠡᠭᠴᠤᠳ ᠠᠩᠬ᠎ᠠ ᠠᠯᠬᠤᠮ ᠤᠨ ᠠᠵᠢᠯ ᠤᠯᠬᠤ ᠰᠠᠨᠠᠮᠵᠢ ᠲᠤᠭᠳᠠᠵᠠᠢ᠃     ᠬᠢᠩᠭᠠᠨ ᠠᠶᠢᠮᠠᠭ ᠤᠨ ᠵᠡᠮᠳᠡᠭᠴᠤᠳ ᠤᠨ ᠬᠤᠯᠪᠤᠭ᠎ᠠ ᠰᠦᠯᠵᠢᠶᠡᠨ ᠲᠡᠭᠡᠷ᠎ᠠ ᠪᠠ ᠪᠤᠳᠠᠳᠠᠢ ᠳᠤ ᠠᠵᠢᠯᠴᠢᠨ ᠤᠷᠢᠬᠤ ᠲᠠᠪᠴᠠᠩ ᠪᠠᠶᠢᠭᠤᠯᠤᠨ᠂ ᠵᠡᠮᠳᠡᠭᠴᠤᠳ ᠲᠤ ᠲᠦᠷᠥ ᠶᠢᠨ ᠪᠤᠳᠤᠯᠭ᠎ᠠ᠂ ᠰᠤᠷᠠᠭ ᠵᠠᠩᠬᠢ᠂ ᠠᠵᠢᠯ ᠤᠨ ᠪᠠᠶᠢᠷᠢ᠂ ᠦᠢᠯᠡᠴᠢᠯᠡᠭᠡ ᠬᠠᠩᠭᠠᠵᠤ᠂ ᠨᠡᠶᠢᠳᠠ 22 ᠲᠠᠯᠠᠪᠠᠢ ᠠᠵᠢᠯᠳᠠᠨ ᠡᠯᠰᠡᠬᠦ ᠴᠤᠭᠯᠠᠭᠠᠨ ᠦᠷᠨᠢᠬᠦᠯᠥᠭᠰᠡᠨ ᠠᠴᠠ ᠭᠠᠳᠠᠨ᠎ᠠ ᠲᠤᠮᠳᠠᠳᠤ ᠤᠯᠤᠰ ᠤᠨ ᠵᠡᠮᠳᠡᠭᠴᠤᠳ ᠤᠨ ᠠᠵᠢᠯ ᠤᠯᠬᠤ ᠦᠢᠯᠡᠰ ᠪᠤᠰᠬᠠᠬᠤ ᠲᠤᠤᠷ ᠰᠦᠯᠵᠢᠶᠠᠨ ᠤ ᠦᠢᠯᠡᠴᠢᠯᠡᠭᠡᠨ ᠤ ᠲᠠᠪᠴᠠᠩ ᠳᠤ 108 ᠲᠤᠰᠬᠠᠢ ᠠᠵᠢᠯ ᠤᠨ ᠪᠠᠶᠢᠷᠢ ᠲᠤᠬᠢᠷᠠᠭᠤᠯᠵᠤ᠂ ᠵᠡᠮᠳᠡᠭᠴᠤᠳ ᠤᠨ ᠠᠵᠢᠯ ᠤᠯᠬᠤ ᠠᠷᠭ᠎ᠠ ᠠᠪᠴᠠᠯ ᠢ ᠤᠯᠠᠮ ᠨᠢᠭᠡ ᠠᠯᠬᠤᠮ ᠦᠷᠭᠡᠳᠭᠡᠵᠠᠢ᠃     ᠬᠢᠩᠭᠠᠨ ᠠᠶᠢᠮᠠᠭ ᠤᠨ ᠵᠡᠮᠳᠡᠭᠴᠤᠳ ᠤᠨ ᠠᠵᠢᠯ ᠤᠯᠬᠤ ᠦᠢᠯᠡᠰ ᠪᠤᠰᠬᠠᠬᠤ ᠰᠠᠭᠤᠷᠢᠨ ᠭᠠᠵᠠᠷ ᠤᠨ ᠰᠢᠭᠤᠳ ᠨᠡᠪᠳᠡᠷᠡᠬᠦᠯᠭᠡ ᠶᠢᠨ ᠲᠠᠰᠤᠭ ᠲᠤ ᠰᠢᠭᠤᠳ ᠨᠡᠪᠳᠡᠷᠡᠬᠦᠯᠥᠭᠴᠢ ᠯᠢᠥ ᠵᠠᠨ ᠶᠦᠩ ᠲᠤᠭᠤᠰ ᠤᠨ ᠦᠳᠤ ᠪᠠᠷ ᠭᠠᠷ ᠤᠷᠠᠯᠠᠯ ᠵᠤᠬᠢᠶᠠᠨ᠎ᠠ᠃ ︽ᠪᠢ ᠮᠧᠩ ᠴᠢᠣᠸᠠᠢ ᠲᠤᠭᠤᠰ ᠲᠡᠵᠢᠭᠡᠨ ᠦᠷᠡᠵᠢᠬᠦᠯᠬᠦ ᠲᠤᠰᠬᠠᠢ ᠬᠤᠷᠰᠢᠶ᠎ᠠ ᠳᠤ ᠲᠤᠭᠤᠰ ᠤᠨ ᠦᠳᠤ ᠪᠠᠷ ᠭᠠᠷ ᠤᠷᠠᠯᠠᠯ ᠵᠤᠬᠢᠶᠠᠬᠤ ᠮᠡᠷᠭᠡᠵᠢᠯ ᠰᠤᠷᠤᠯᠴᠠᠵᠤ᠂ ᠤᠷᠤᠯᠭ᠎ᠠ ᠪᠠᠨ ᠨᠡᠮᠡᠭᠳᠡᠬᠦᠯᠥᠭᠰᠡᠨ ᠢᠶᠠᠷ ᠪᠠᠷᠠᠬᠤ ᠦᠭᠡᠢ᠂ ᠬᠤᠵᠢᠮ ᠤᠨ ᠠᠮᠢᠳᠤᠷᠠᠯ ᠳᠠᠭᠠᠨ ᠨᠡᠩ ᠢᠳᠡᠭᠡᠯ ᠲᠠᠢ ᠪᠤᠯᠵᠠᠢ︾ ᠭᠡᠵᠤ ᠯᠢᠣ ᠵᠠᠨ ᠶᠦᠩ ᠶᠠᠷᠢᠨ᠎ᠠ᠃ ᠤᠯᠠᠭᠠᠨᠬᠤᠳᠠ ᠶᠢᠨ ᠮᠧᠩ ᠴᠢᠣᠸᠠᠢ ᠲᠤᠭᠤᠰ ᠲᠡᠵᠢᠭᠡᠨ ᠦᠷᠡᠵᠢᠬᠦᠯᠬᠦ ᠬᠤᠷᠰᠢᠶ᠎ᠠ ᠪᠤᠯ ᠬᠢᠩᠭᠠᠨ ᠠᠶᠢᠮᠠᠭ ᠤᠨ ᠵᠡᠮᠳᠡᠭᠴᠤᠳ ᠤᠨ ᠲᠤᠰᠠᠯᠠᠬᠤ ᠴᠢᠨᠠᠷᠳᠠᠢ ᠰᠠᠭᠤᠷᠢᠨ ᠭᠠᠵᠠᠷ ᠤᠨ ᠨᠢᠭᠡ ᠪᠤᠯᠤᠨ᠎ᠠ᠃ ᠤᠳᠤᠬᠠᠨ ᠳᠤ᠂ ᠪᠤᠯᠪᠠᠰᠤᠷᠠᠯ ᠬᠦᠷᠳᠡᠭᠰᠠᠨ 18 ᠵᠡᠮᠳᠡᠭᠴᠤᠳ ᠨᠢ ᠲᠤᠭᠳᠠᠭᠤᠨ ᠢᠶᠠᠷ ᠠᠵᠢᠯ ᠤᠯᠵᠤ᠂ ᠤᠶᠢᠷ᠎ᠠ ᠬᠠᠪᠢ ᠶᠢᠨ 30 ᠭᠠᠷᠤᠢ ᠵᠡᠮᠳᠡᠭᠴᠤᠳ ᠢ ᠲᠠᠶᠢᠴᠢᠯᠠᠨ ᠠᠵᠢᠯ ᠤᠯᠪᠠ᠃     ᠬᠢᠩᠭᠠᠨ ᠠᠶᠢᠮᠠᠭ ᠤᠨ ᠵᠡᠮᠳᠡᠭᠴᠤᠳ ᠤᠨ ᠬᠤᠯᠪᠤᠭ᠎ᠠ ᠲᠦᠪᠯᠡᠷᠡᠬᠦᠯᠤᠨ ᠠᠵᠢᠯ ᠤᠯᠬᠤ ᠲᠠᠪᠴᠠᠩ ᠢ ᠢᠳᠡᠪᠬᠢᠳᠠᠢ ᠪᠠᠶᠢᠭᠤᠯᠵᠤ᠂ 6 ᠵᠡᠮᠳᠡᠭᠴᠤᠳ ᠤᠨ ᠬᠠᠪᠰᠤᠷᠤᠮᠵᠢ ᠶᠢᠨ ᠴᠢᠨᠠᠷᠳᠠᠢ ᠠᠵᠢᠯ ᠤᠯᠭᠤᠬᠤ ᠰᠠᠭᠤᠷᠢᠨ ᠭᠠᠵᠠᠷ᠂ 1 ᠠᠵᠢᠯ ᠤᠯᠭᠤᠬᠤ ᠦᠢᠯᠡᠰ ᠪᠤᠰᠬᠠᠬᠤ ᠵᠢᠱᠢᠶ᠎ᠠ ᠦᠵᠡᠬᠦᠯᠬᠦ ᠰᠠᠭᠤᠷᠢᠨ ᠭᠠᠵᠠᠷ ᠲᠤᠬᠢᠷᠠᠭᠤᠯᠤᠨ᠂ 47 ᠨᠡᠷᠡᠰ ᠵᠡᠮᠳᠡᠭᠴᠤᠳ ᠢ ᠲᠦᠪᠬᠢᠨᠡᠬᠦᠯᠪᠡ᠃ ᠡᠬᠦᠨ ᠤ ᠬᠠᠮᠳᠤ᠂ ᠡᠮᠡᠭᠳᠡᠶᠢᠴᠤᠳ ᠤᠨ ᠬᠤᠯᠪᠤᠭ᠎ᠠ ᠵᠡᠷᠭᠡ ᠰᠠᠯᠠᠭ᠎ᠠ ᠮᠦᠴᠢᠷ ᠲᠠᠢ ᠬᠤᠯᠪᠤᠭᠠᠯᠠᠨ 260 ᠭᠠᠷᠤᠢ ᠨᠡᠷᠡᠰ ᠵᠡᠮᠳᠡᠭᠴᠤᠳ ᠲᠤ ᠠᠮᠢᠳᠤᠯᠢᠭ ᠢᠶᠠᠷ ᠠᠵᠢᠯ ᠤᠯᠬᠤ ᠶᠢ ᠲᠠᠶᠢᠴᠢᠯᠠᠵᠠᠢ᠃     ᠬᠢᠩᠭᠠᠨ ᠠᠶᠢᠮᠠᠭ ᠤᠨ ᠵᠡᠮᠳᠡᠭᠴᠤᠳ ᠤᠨ ᠬᠤᠯᠪᠤᠭ᠎ᠠ ᠦᠷᠬᠦᠯᠵᠢᠯᠡᠨ ᠨᠡᠶᠢᠭᠡᠮ ᠤᠨ ᠬᠦᠴᠤᠨ ᠢ ᠢᠳᠡᠪᠬᠢᠳᠠᠢ ᠤᠷᠮᠠᠰᠢᠭᠤᠯᠵᠤ᠂ ᠵᠡᠮᠳᠡᠭᠴᠤᠳ ᠤᠨ ᠲᠤᠰᠬᠠᠢ ᠨᠡᠶᠢᠭᠡᠮᠯᠢᠭ᠂ ᠵᠤᠬᠢᠶᠠᠨ ᠪᠠᠶᠢᠭᠤᠯᠤᠯᠳᠠ ᠪᠠ ᠲᠠᠶᠢᠴᠢᠯᠠᠨ ᠲᠠᠭᠠᠭᠤᠯᠤᠭᠴᠢ ᠶᠢᠨ ᠦᠢᠯᠡᠳᠤᠯ ᠢ ᠪᠠᠳᠠᠷᠠᠭᠤᠯᠵᠤ᠂ ᠲᠦᠷᠥ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠬᠤ ᠬᠦᠴᠤᠯᠡᠴᠠ ᠪᠠᠨ ᠨᠡᠮᠡᠭᠳᠡᠬᠦᠯᠤᠨ ᠵᠡᠮᠳᠡᠭᠴᠤᠳ ᠤᠨ ᠠᠵᠢᠯ ᠤᠯᠭᠤᠯᠳᠠ ᠳᠤ ᠪᠠᠳᠤᠯᠠᠭ᠎ᠠ ᠬᠠᠩᠭᠠᠨ᠎ᠠ᠃ ︵ᠴᠤᠯᠮᠤᠨ︶
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号