| ᠴᠢᠩ ᠱᠠᠨ ᠤ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠪᠤᠯ ᠬᠤᠷᠴᠢᠨ ᠪᠠᠷᠠᠭᠤᠨ ᠭᠠᠷᠤᠨ ᠡᠮᠦᠨᠡᠳᠦ | ᠬᠤᠰᠢᠭᠤᠨ ᠤ ᠤᠤᠯ ᠤᠨ ᠭᠦ᠋ ᠵᠢᠢ ᠰᠢᠶᠠᠩ ᠤᠨ ᠬᠠᠷᠢᠶ᠎ᠠ ᠭᠠᠵᠠᠷ ᠲᠤ ᠪᠠᠶᠢᠳᠠᠭ᠃ ᠡᠨᠡ ᠨᠢ ᠶᠡᠭᠡ ᠬᠢᠩᠭᠠᠨ | ᠳᠠᠪᠠᠭᠠᠨ ᠤ ᠲᠤᠮᠳᠠ ᠬᠡᠰᠡᠭ ᠤᠨ ᠨᠤᠨ ᠮᠦᠷᠡᠨ ᠤ ᠤᠰᠤᠨ ᠰᠢᠰᠲ᠋ᠧᠮ ᠤᠨ ᠭᠦᠢᠯᠡᠷ ᠭᠤᠤᠯ ᠤᠨ ᠲᠤᠤᠷᠠᠳᠤ ᠰᠠᠪᠠ | ᠭᠠᠵᠠᠷ ᠪᠤᠯᠤᠨ᠎ᠠ᠃ ᠡᠮᠦᠨᠡᠰᠢ ᠪᠠᠨ ᠲᠦᠴᠢᠤᠸᠠᠨ ᠰᠢᠶᠡᠨ ᠲᠠᠢ ᠵᠠᠯᠭᠠᠯᠳᠤᠨ᠂ ᠪᠠᠷᠠᠭᠤᠨ ᠲᠠᠯ᠎ᠠ ᠪᠠᠷ ᠢᠶᠠᠨ ᠠᠯᠳᠠᠷ | ᠰᠤᠮᠤ ᠲᠠᠢ ᠨᠡᠶᠢᠯᠡᠵᠦ᠂ ᠵᠡᠬᠦᠨ ᠬᠤᠶᠢᠨ᠎ᠠ ᠲᠠᠯ᠎ᠠ ᠪᠠᠷ ᠢᠶᠠᠨ ᠨᠡᠳᠦᠭᠡᠷ ᠪᠠᠯᠭᠠᠰᠤ ᠲᠠᠢ ᠬᠦᠷᠰᠢᠯᠡᠨᠡ᠃ ᠲᠤᠰ | ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠳᠤ ᠴᠠᠷᠠᠰᠤᠨ ᠮᠤᠳᠤ᠂ ᠬᠠᠶᠢᠯᠠᠰᠤᠨ ᠮᠤᠳᠤ᠂ ᠬᠠᠷ᠎ᠠ ᠬᠤᠰᠤ ᠵᠡᠷᠭᠡ | ᠮᠤᠳᠤᠳ ᠢᠭᠴᠤ ᠪᠦᠷᠬᠦᠨ᠂ ᠤᠯᠠᠨ ᠲᠦᠷᠦᠯ ᠤᠨ ᠪᠤᠳᠠᠯᠢᠭ ᠤᠷᠭᠤᠮᠠᠯ ᠤᠷᠭᠤᠳᠠᠭ᠃ ᠲᠤᠰ ᠬᠠᠮᠠᠭᠠᠯᠠᠯᠳᠠ ᠶᠢᠨ | ᠤᠷᠤᠨ ᠳᠤ ᠤᠯᠤᠰ ᠤᠨ ᠭᠤᠤᠯᠳᠠᠯᠭ᠎ᠠ ᠲᠠᠢ ᠬᠠᠮᠠᠭᠠᠯᠠᠯᠳᠠ ᠶᠢᠨ ᠠᠮᠢᠳᠠᠨ 40 ᠭᠠᠷᠤᠢ ᠲᠦᠷᠦᠯ ᠪᠠᠶᠢᠵᠤ᠂ ᠤᠯᠤᠰ | ᠤᠨ ᠨᠢᠭᠡᠳᠦᠭᠡᠷ ᠳᠡᠰ ᠤᠨ ᠬᠠᠮᠠᠭᠠᠯᠠᠯᠳᠠ ᠶᠢᠨ ᠵᠢᠭᠦᠷᠳᠡᠨ ᠠᠮᠢᠳᠠᠨ 5 ᠲᠦᠷᠦᠯ ᠪᠠᠶᠢᠳᠠᠭ᠃ ᠤᠯᠤᠰ ᠤᠨ | ᠬᠤᠶᠠᠳᠤᠭᠠᠷ ᠳᠡᠰ ᠤᠨ ᠬᠠᠮᠠᠭᠠᠯᠠᠯᠳᠠ ᠶᠢᠨ ᠵᠢᠭᠦᠷᠳᠡᠨ ᠠᠮᠢᠳᠠᠨ 35 ᠲᠦᠷᠦᠯ ᠪᠠᠶᠢᠨ᠎ᠠ᠃ | 1959 ᠤᠨ ᠳᠤ ᠤᠤᠯ ᠤᠨ ᠭᠦ᠋ ᠵᠢᠢ ᠰᠢᠶᠠᠩ ᠳᠤ ᠤᠢ ᠰᠢᠭᠤᠢ ᠶᠢᠨ ᠬᠠᠮᠠᠭᠠᠯᠠᠯᠳᠠ ᠶᠢᠨ ᠦᠷᠳᠡᠭᠡ ᠶᠢ | ᠪᠠᠶᠢᠭᠤᠯᠤᠭᠰᠠᠨ ᠠᠴᠠ ᠨᠠᠭᠠᠰᠢ ᠤᠷᠤᠨ ᠨᠤᠳᠤᠭ ᠤᠨ ᠵᠠᠰᠠᠭ ᠤᠨ ᠤᠷᠳᠤᠨ ᠨᠡᠶᠢᠳᠡᠮ ᠤᠨ ᠴᠢᠨᠠᠷᠳᠠᠢ ᠬᠠᠮᠠᠭᠠᠯᠠᠯᠳᠠ | ᠬᠢᠭᠰᠡᠭᠡᠷ ᠢᠷᠡᠪᠡ᠃ 1996 ᠤᠨ ᠳᠤ ᠬᠤᠰᠢᠭᠤᠨ ᠠᠴᠠ ︽ᠤᠷᠤᠨ ᠤ ᠳᠡᠰ ᠤᠨ ᠪᠠᠶᠢᠭᠠᠯᠢ ᠶᠢᠨ ᠬᠠᠮᠠᠭᠠᠯᠠᠯᠳᠠ | ᠶᠢᠨ ᠤᠷᠤᠨ︾ ᠪᠤᠯᠭᠠᠬᠤ ᠪᠠᠶᠢᠴᠠᠭᠠᠯᠳᠠ ᠬᠢᠵᠦ᠂ ᠲᠦᠯᠦᠪᠯᠡᠭᠡ ᠳᠤ ᠤᠷᠤᠭᠤᠯᠪᠠ᠃ 1997 ᠤᠨ ᠳᠤ | ᠬᠤᠰᠢᠭᠤᠨ ᠤ ᠠᠷᠠᠳ ᠤᠨ ᠵᠠᠰᠠᠭ ᠤᠨ ᠤᠷᠳᠤᠨ 75662 ᠾᠧᠺᠲ᠋ᠠᠷ ᠲᠠᠯᠠᠪᠠᠢ ᠲᠠᠢ ᠪᠠᠶᠢᠭᠠᠯᠢ ᠶᠢᠨ | ᠬᠠᠮᠠᠭᠠᠯᠠᠯᠳᠠ ᠶᠢᠨ ᠤᠷᠤᠨ ᠪᠤᠯᠭᠠᠬᠤ ᠶᠢ ᠵᠦᠪᠰᠢᠶᠡᠷᠡᠪᠡ᠃ ᠲᠤᠰ ᠵᠢᠯ ᠤᠨ 12 ᠰᠠᠷ᠎ᠠ ᠳᠤ ᠬᠠᠮᠢᠶᠠᠷᠤᠯᠳᠠ ᠶᠢᠨ | ᠲᠤᠪᠴᠢᠶ᠎ᠠ ᠶᠢ ᠪᠠᠶᠢᠭᠤᠯᠵᠠᠢ᠃ 2003 ᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠵᠠᠰᠠᠭ | ᠤᠨ ᠤᠷᠳᠤᠨ ᠬᠢᠨᠠᠨ ᠪᠠᠳᠤᠯᠠᠵᠤ᠂ ︽ᠮᠤᠵᠢ ᠶᠢᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ︾ | ᠪᠤᠯᠭᠠᠵᠠᠢ᠃ 2011 ᠤᠨ ᠳᠤ ᠲᠤᠬᠠᠢ ᠶᠢᠨ ᠭᠠᠵᠠᠷ ᠤᠷᠤᠨ ᠤ ᠠᠷᠠᠳ ᠤᠨ ᠠᠮᠢᠳᠤᠷᠠᠯ᠂ ᠲᠠᠷᠢᠶᠠᠨ ᠭᠠᠵᠠᠷ | ᠵᠡᠷᠭᠡ ᠶᠢᠨ ᠦᠷ᠎ᠡ ᠠᠰᠢᠭ ᠢ ᠪᠤᠳᠤᠯᠬᠢᠯᠠᠵᠦ᠂ 26989 ᠾᠧᠺᠲ᠋ᠠᠷ ᠲᠠᠯᠠᠪᠠᠢ ᠲᠠᠢ ᠪᠤᠯᠭᠠᠨ ᠪᠠᠭᠠᠰᠬᠠᠵᠠᠢ᠃ | 2013 ᠤᠨ ᠤ 12 ᠰᠠᠷ᠎ᠠ ᠶᠢᠨ 25 ᠤ ᠡᠳᠦᠷ᠂ ᠤᠯᠤᠰ ᠤᠨ ᠲᠦᠷᠦ ᠶᠢᠨ ᠶᠠᠪᠤᠳᠠᠯ ᠤᠨ ᠬᠤᠷᠢᠶ᠎ᠠ ᠶᠢᠨ | ᠵᠦᠪᠰᠢᠶᠡᠷᠡᠯ ᠢᠶᠠᠷ ︽ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ︾ ᠪᠤᠯᠤᠭᠰᠠᠨ ᠪᠠᠶᠢᠨ᠎ᠠ᠃ | | | |