ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠳᠤ ᠲᠠᠷᠢᠶᠠᠯᠠᠩ ᠤᠨ ︽ᠲᠠᠷᠢᠮᠠᠯ ᠤᠨ ᠤᠯᠠᠷᠢᠯ︾ ᠢ ᠤᠭᠲᠤᠯ᠎ᠠ
ᠨᠡᠶᠢᠲᠡᠯᠡᠭᠰᠡᠨ ᠴᠠᠭ᠄
2024/3/26
   ᠬᠠᠪᠤᠷ ᠤᠨ ᠬᠤᠭᠤᠰ ᠨᠢᠭᠡᠨᠲᠡ ᠥᠩᠭᠡᠷᠡᠵᠦ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠲᠠᠷᠢᠶᠠᠯᠠᠩ ᠤᠨ ︽ᠲᠠᠷᠢᠮᠠᠯ ᠤᠨ ᠤᠯᠠᠷᠢᠯ︾ ᠢ ᠤᠭᠲᠤᠨ ᠠᠪᠴᠢᠷᠠᠵᠤ᠂ ︽ᠴᠠᠭ ᠤᠨ ᠠᠵᠢᠯᠴᠢᠨ︾ ᠨᠢ ᠬᠠᠪᠤᠷ ᠤᠨ ᠲᠠᠷᠢᠶᠠᠯᠠᠭ᠎ᠠ ᠶᠢᠨ ︽ᠠᠮᠲᠠᠲᠤ ᠪᠣᠣᠪᠤ︾ ᠪᠣᠯᠤᠭᠰᠠᠨ ᠪᠠᠶᠢᠨ᠎ᠠ᠃ ᠲᠡᠳᠡ ᠬᠤᠷᠰᠢᠶ᠎ᠠ᠂ ᠲᠠᠷᠢᠮᠠᠯ ᠤᠨ ᠲᠣᠮᠣ ᠡᠷᠦᠬᠡ ᠲᠠᠢ ᠬᠠᠮᠲᠤᠷᠠᠯᠴᠠᠵᠤ᠂ ᠭᠡᠷ ᠤᠨ ᠡᠭᠦᠳᠡᠨ ᠳᠤ ᠠᠮᠢᠳᠤᠯᠢᠭ ᠢᠶᠠᠷ ᠠᠵᠢᠯ ᠣᠯᠬᠤ ᠶᠢᠨ ᠬᠠᠮᠲᠤ᠂ ᠲᠠᠷᠢᠶᠠᠯᠠᠩ ᠤᠨ ᠶᠠᠭᠠᠷᠠᠤ ᠦᠶ᠎ᠡ ᠳᠤ ᠬᠥᠮᠥᠨ ᠬᠠᠷ᠎ᠠ ᠳᠤᠲᠠᠭᠳᠠᠵᠤ ᠪᠠᠶᠢᠭᠰᠠᠨ ᠬᠦᠴᠢᠷ ᠠᠰᠠᠭᠤᠳᠠᠯ ᠢ ᠰᠢᠢᠳᠪᠦᠷᠢᠯᠡᠵᠦ᠂ ᠬᠠᠮᠲᠤ ᠪᠠᠷ ᠣᠷᠣᠯᠭ᠎ᠠ ᠪᠠᠨ ᠨᠡᠮᠡᠭᠳᠡᠭᠦᠯᠦᠨ ᠪᠠᠶᠠᠵᠢᠭᠤᠯᠬᠤ ᠶᠢ ᠪᠡᠶᠡᠯᠡᠭᠦᠯᠵᠡᠢ᠃     ᠭᠦᠢᠯᠡᠷ ᠪᠠᠯᠭᠠᠰᠤᠨ ᠤ ᠭᠤᠸᠠᠩ  ᠿᠦᠩ ᠭᠠᠴᠠᠭᠠᠨ ᠤ ᠥᠷᠭᠡᠰᠦᠲᠦ ᠬᠡᠮᠬᠡ ᠳᠠᠷᠢᠬᠤ ᠲᠣᠮᠣ ᠡᠷᠦᠬᠡ ᠵᠠᠩ ᠬᠠᠢ ᠵᠢᠶᠧ ᠶᠢᠨ ᠡᠵᠡᠩᠨᠡᠵᠦ ᠪᠠᠶᠢᠭ᠎ᠠ ᠬᠦᠯᠡᠮᠵᠢ ᠳᠤ᠂ ︽ᠴᠠᠭ ᠤᠨ ᠠᠵᠢᠯᠴᠢᠨ︾ ᠥᠷᠭᠡᠰᠦᠲᠦ ᠬᠡᠮᠬᠡ ᠶᠢᠨ ᠦᠵᠦᠭᠦᠷ ᠢ ᠨᠢ ᠴᠢᠮᠬᠢᠵᠦ ᠵᠢᠮᠢᠰ ᠰᠡᠶᠢᠷᠡᠭᠦᠯᠵᠦ ᠪᠣᠶ᠂ ᠡᠲᠡᠭᠡᠷ ︽ᠴᠠᠭ ᠤᠨ ᠠᠵᠢᠯᠴᠢᠨ︾ ᠨᠢ ᠴᠥᠮ ᠲᠣᠰ ᠲᠣᠰᠬᠤᠨ ᠤ ᠠᠷᠠᠳ ᠪᠣᠯᠣᠨ᠎ᠠ᠂ ᠲᠠᠳᠠ ᠲᠠᠷᠢᠶᠠᠯᠠᠩ ᠤᠨ ᠶᠠᠪᠤᠳᠠᠯ ᠳᠤ ᠳᠠᠳᠮᠠᠭᠠᠢ᠂ ᠳᠠᠭᠤᠳᠠᠮᠠᠭᠴᠠ ᠲᠠᠷᠢᠶᠠᠯᠠᠩ ᠤᠨ ᠲᠣᠮᠣ ᠡᠷᠦᠬᠡ ᠶᠢᠨ ᠨᠢᠳᠦᠨ ᠳᠠᠬᠢ ︽ᠠᠮᠲᠠᠲᠤ ᠪᠣᠣᠪᠤ︾ ᠪᠣᠯᠵᠠᠢ᠃       ︽ᠪᠢ ᠬᠦᠯᠡᠮᠵᠢ ᠳᠤ ᠪᠠᠭ᠎ᠠ ᠰᠠᠭ᠎ᠠ ᠠᠵᠢᠯ ᠬᠢᠵᠦ ᠪᠠᠶᠢᠨ᠎ᠠ᠂ ᠭᠡᠷ ᠤᠨ ᠠᠵᠢᠯ ᠢᠶᠠᠨ ᠴᠤ ᠰᠠᠭᠠᠲᠠᠭᠠᠳᠠᠭ ᠦᠭᠡᠢ᠂ ᠡᠳᠦᠷ ᠲᠤ 100 ᠭᠠᠷᠤᠢ ᠲᠥᠭᠦᠷᠢᠭ ᠤᠨ ᠣᠷᠣᠯᠭ᠎ᠠ ᠣᠯᠵᠤ᠂ ᠥᠪᠡᠷ ᠤᠨ ᠣᠷᠣᠯᠭ᠎ᠠ ᠪᠠᠨ ᠨᠡᠮᠡᠭᠳᠡᠭᠦᠯᠦᠨ᠎ᠡ᠃︾ ᠭᠡᠵᠦ ᠲᠠᠷᠢᠶᠠᠴᠢᠨ ᠲᠠᠢ ᠵᠧᠨ  ᠿᠦᠩ ᠬᠡᠯᠡᠪᠡ᠃    ᠲᠠᠷᠢᠮᠠᠯ ᠤᠨ ᠬᠤᠷᠰᠢᠶ᠎ᠠ᠂ ᠲᠠᠷᠢᠮᠠᠯ ᠤᠨ ᠲᠣᠮᠣ ᠡᠷᠦᠬᠡ᠂ ᠪᠣᠯᠪᠠᠰᠤᠷᠠᠭᠤᠯᠬᠤ ᠠᠵᠤ ᠠᠬᠤᠶᠢᠯᠠᠯ ᠵᠡᠷᠭᠡ ᠡᠵᠡᠩᠨᠡᠯᠲᠡ ᠶᠢᠨ ᠭᠤᠣᠯ ᠴᠣᠭᠴᠠ ᠶᠢᠨ ᠡᠳᠦᠷ ᠢᠷᠡᠬᠦᠶ᠎ᠡ ᠨᠡᠮᠡᠭᠳᠡᠬᠦ ᠶᠢ ᠳᠠᠭᠠᠯᠳᠤᠨ᠂ ᠲᠠᠷᠢᠶᠠᠯᠠᠩ ᠤᠨ ᠶᠠᠭᠠᠷᠠᠤ ᠦᠶ᠎ᠡ ᠳᠤ ᠣᠬᠤᠷ ᠬᠤᠭᠤᠴᠠᠭᠠᠨ ᠤ ᠠᠵᠢᠯ ᠬᠥᠳᠡᠯᠮᠦᠷᠢ ᠬᠢᠬᠦ ᠬᠥᠮᠥᠰ ᠢ ᠪᠠᠴᠢᠮ ᠱᠠᠭᠠᠷᠳᠠᠵᠤ ᠪᠠᠶᠢᠨ᠎ᠠ᠂ ᠡᠳᠡᠭᠡᠷ ᠲᠠᠷᠢᠶᠠᠯᠠᠩ ᠤᠨ ᠠᠵᠢᠯ ᠤᠨ ︽ᠴᠠᠭ ᠤᠨ ᠠᠵᠢᠯᠴᠢᠨ︾ ᠨᠢ ᠲᠠᠷᠢᠶᠠᠯᠠᠩ ᠤᠨ ᠶᠠᠭᠠᠷᠠᠤ ᠦᠶ᠎ᠡ ᠳᠤ ︽ᠠᠵᠢᠯᠴᠢᠨ ᠬᠡᠷᠡᠭᠯᠡᠬᠦ ᠭᠠᠴᠢᠭ︾ ᠢ ᠨᠠᠮᠳᠠᠭᠤᠯᠤᠭᠰᠠᠨ ᠢᠶᠠᠷ ᠪᠠᠷᠠᠬᠤ ᠦᠭᠡᠢ ᠪᠠᠰᠠ ᠦᠯᠡᠭᠦᠦ ᠬᠥᠳᠡᠯᠮᠦᠷᠢ ᠶᠢᠨ ᠬᠦᠴᠦᠨ ᠳᠤ ᠠᠵᠢᠯ ᠣᠯᠭᠤᠬᠤ ᠲᠣᠬᠢᠶᠠᠯ ᠣᠯᠭᠤᠭᠰᠠᠨ ᠪᠠᠶᠢᠨ᠎ᠠ᠃ ︽ᠲᠠᠷᠢᠵᠦ ᠤᠷᠭᠤᠭᠤᠯᠬᠤ ᠠᠴᠠ ᠠᠪᠤᠭᠠᠳ ᠬᠤᠳᠠᠯᠳᠤᠬᠤ ᠪᠣᠯᠲᠠᠯ᠎ᠠ ᠪᠢ ᠬᠡᠳᠦᠨ ᠲᠣᠭᠲᠠᠭᠰᠠᠨ ᠴᠠᠭ ᠤᠨ ᠠᠵᠢᠯᠴᠢᠨ ᠲᠠᠢ᠂ ᠲᠡᠳᠡ ᠠᠵᠢᠯ ᠬᠢᠬᠦ ᠳᠡᠭᠡᠨ ᠴᠡᠪᠡᠷ ᠴᠡᠮᠴᠡᠭᠡᠷ ᠪᠠᠶᠢᠵᠤ᠂ ᠮᠢᠨᠤ ᠠᠵᠢᠯ ᠬᠢᠬᠦ ᠳᠤ ᠬᠥᠮᠥᠨ ᠳᠤᠲᠠᠵᠤ ᠪᠠᠶᠢᠭᠰᠠᠨ ᠬᠦᠴᠢᠷ ᠠᠰᠠᠭᠤᠳᠠᠯ ᠢ ᠰᠢᠢᠳᠪᠦᠷᠢᠯᠡᠵᠡᠢ᠃︾ ᠲᠠᠷᠢᠶᠠᠯᠠᠩ ᠤᠨ ︽ᠴᠠᠭ ᠤᠨ ᠠᠵᠢᠯᠴᠢᠨ︾ ᠢᠯᠡᠷᠡᠭᠰᠡᠨ ᠨᠢ ᠵᠠᠩ ᠬᠠᠢ ᠵᠢᠶᠧ ᠶᠢ ᠭᠠᠴᠢᠭᠳᠠᠭᠤᠯᠵᠤ ᠪᠠᠶᠢᠭᠰᠠᠨ ᠬᠦᠴᠢᠷ ᠠᠰᠠᠭᠤᠳᠠᠯ ᠢ ᠠᠮᠠᠷᠬᠠᠨ ᠰᠢᠢᠳᠪᠦᠷᠢᠯᠡᠵᠡᠢ᠃    ᠲᠠᠷᠢᠶᠠᠯᠠᠩ ᠤᠨ ᠠᠵᠢᠯ ᠤᠨ ︽ᠴᠠᠭ ᠤᠨ ᠠᠵᠢᠯᠴᠢᠨ︾ ᠥᠪᠡᠷ ᠤᠨ ᠠᠵᠤ ᠦᠢᠯᠡᠰ  ᠢᠶᠠᠨ ᠰᠠᠶᠢᠲᠤᠷ  ᠬᠢᠬᠦ ᠶᠢᠨ ᠬᠠᠮᠲᠤ ᠲᠠᠷᠢᠶᠠᠯᠠᠩ ᠤᠨ ᠠᠵᠢᠯ ᠤᠨ ᠬᠡᠷᠡᠭᠴᠡᠭᠡ ᠪᠠᠨ ᠦᠨᠳᠦᠰᠦᠯᠡᠨ ᠭᠡᠷ ᠤᠨ ᠡᠭᠦᠳᠡᠨ ᠤ ᠪᠠᠨ ᠪᠤᠰᠤᠳ ᠦᠢᠯᠡᠰ ᠬᠢᠵᠦ᠂ ᠲᠡᠳᠡᠨ ᠤ ᠠᠵᠢᠯ ᠤᠨ ᠬᠤᠪᠢᠶᠠᠷᠢᠯᠠᠯ ᠨᠢ ᠲᠣᠳᠣᠷᠬᠠᠢ᠂ ᠰᠡᠳᠬᠢᠯ ᠰᠠᠨᠠᠭ᠎ᠠ ᠪᠠᠨ ᠣᠯᠣᠯᠴᠠᠵᠤ᠂ ᠮᠠᠰᠢ ᠶᠠᠭᠠᠷᠠᠤ ᠪᠠᠶᠢᠳᠠᠭ᠃ ᠭᠦᠢᠯᠡᠷ ᠪᠠᠯᠭᠠᠰᠤᠨ ᠤ ᠪᠧᠢ ᠮᠢᠨ ᠾᠧ ᠭᠠᠴᠠᠭ᠎ᠠ ᠶᠢᠨ ᠲᠠᠷᠢᠮᠠᠯ ᠤᠨ ᠡᠷᠦᠬᠡ ᠶᠠᠩ ᠶᠦᠩ ᡁᠢ ︽ᠴᠠᠭ ᠤᠨ ᠠᠵᠢᠯᠴᠢᠨ︾ ᠢ ᠳᠠᠭᠠᠭᠤᠯᠤᠨ ᠲᠥᠪᠡᠳ ᠬᠠᠰᠢ ᠶᠢᠨ ᠳᠠᠯᠠᠩ ᠤᠨ ᠵᠠᠪᠰᠠᠷ ᠲᠤ ᠰᠦᠯᠢᠶᠥᠦ ᠪᠦᠷᠬᠦᠭᠦᠯ ᠳᠡᠪᠢᠰᠴᠦ ᠪᠠᠶᠢᠨ᠎ᠠ᠂ ᠲᠡᠳᠡᠨ ᠤ ᠭᠠᠷ ᠠᠪᠤᠯᠭ᠎ᠠ ᠨᠢ ᠪᠣᠯᠪᠠᠰᠤᠷᠠᠩᠭᠤᠢ᠂ ᠠᠵᠢᠯ ᠬᠢᠬᠦ ᠳᠡᠭᠡᠨ ᠱᠠᠯᠠᠮᠠᠭᠠᠢ᠂ ᠤᠳᠠᠯ ᠦᠭᠡᠢ ᠪᠦᠬᠦ᠋ᠢᠯᠡ ᠬᠦᠯᠡᠮᠵᠢ ᠶᠢᠨ ᠰᠦᠯᠢᠶᠥᠦ ᠪᠦᠷᠬᠦᠭᠦᠯ ᠢ ᠳᠡᠪᠢᠰᠴᠦ ᠳᠠᠭᠤᠰᠬᠠᠪᠠ᠃    ᠣᠶᠢᠯᠠᠭᠠᠭᠰᠠᠨ ᠢᠶᠠᠷ᠂ ᠭᠦᠢᠯᠡᠷ ᠪᠠᠯᠭᠠᠰᠤ ᠲᠠᠷᠢᠶᠠᠯᠠᠩ ᠤᠨ ᠠᠵᠤ ᠦᠢᠯᠡᠰ ᠤᠨ ᠪᠦᠲᠦᠴᠡ ᠶᠢᠨ ᠲᠣᠬᠢᠷᠠᠭᠤᠯᠤᠯᠲᠠ ᠶᠢᠨ ᠠᠯᠬᠤᠴᠠ ᠪᠠᠨ ᠲᠠᠰᠤᠷᠠᠯᠲᠠ ᠦᠭᠡᠢ ᠲᠦᠷᠭᠡᠳᠬᠡᠵᠦ᠂ ᠵᠢᠯ ᠪᠦᠷᠢ ᠶᠢᠨ 3 ᠰᠠᠷ᠎ᠠ  ᠠᠴᠠ 10 ᠰᠠᠷ᠎ᠠ ᠪᠣᠯᠲᠠᠯ᠎ᠠ᠂ ᠭᠡᠷ ᠲᠡᠭᠡᠨ ᠬᠤᠴᠣᠷᠤᠭᠰᠠᠨ ᠣᠯᠠᠨ ᠲᠦᠮᠡᠨ ᠲᠠᠷᠢᠶᠠᠨ ᠠᠵᠢᠯ ᠢᠶᠠᠨ ᠬᠢᠵᠦ ᠪᠠᠷᠠᠭᠰᠠᠨ ᠤ ᠳᠠᠷᠠᠭ᠎ᠠ᠂ ᠣᠶᠢᠷ᠎ᠠ ᠬᠠᠪᠢ ᠶᠢᠨ ᠬᠦᠯᠡᠮᠵᠢ ᠳᠤ ᠳᠠᠷᠢᠬᠤ ᠡᠷᠦᠬᠡ ᠵᠢᠴᠢ ᠳᠠᠷᠢᠬᠤ ᠲᠣᠮᠣ ᠡᠷᠦᠬᠡ ᠳᠤ ᠬᠦᠷᠴᠦ ︽ᠴᠠᠭ ᠤᠨ ᠠᠵᠢᠯ︾ ᠬᠢᠵᠦ᠂ ᠬᠠᠮᠤᠭ ᠤᠨ ᠠᠷᠪᠢᠨ ᠳᠠᠭᠠᠨ 1.8 ᠲᠦᠮᠡᠨ ᠲᠥᠭᠦᠷᠢᠭ ᠤᠨ ᠣᠷᠣᠯᠭ᠎ᠠ ᠣᠯᠵᠤ᠂ ᠬᠥᠮᠥᠨ ᠳᠤᠮᠳᠠᠴᠢ ᠶᠢᠨ ᠣᠷᠣᠯᠭ᠎ᠠ 6000 ᠭᠠᠷᠤᠢ ᠲᠥᠭᠦᠷᠢᠭ ᠨᠡᠮᠡᠭᠳᠡᠪᠡ᠃     
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号