ᠰᠠᠪᠬ᠎ᠠ ᠪᠠᠨ ᠤᠬᠢᠶᠠᠭᠠᠳ ᠦᠵᠦᠭᠦᠷ ᠢ ᠨᠢ ᠳᠡᠭᠡᠭᠰᠢ ᠨᠢ ᠬᠠᠷᠠᠭᠤᠯᠵᠤ ᠲᠠᠯᠪᠢᠬᠤ ᠶᠤᠮ ᠤᠤ ᠳᠣᠷᠣᠭᠰᠢ ᠨᠢ | ᠬᠠᠷᠠᠭᠤᠯᠵᠤ ᠲᠠᠯᠪᠢᠬᠤ ᠶᠤᠮ ᠤᠤ︖ ᠭᠡᠳᠡᠭ ᠢ ᠣᠯᠠᠩᠬᠢ ᠬᠥᠮᠥᠨ ᠬᠠᠷᠢᠨ ᠲᠠᠭ ᠮᠡᠳᠡᠳᠡᠭ ᠦᠭᠡᠢ᠃ ᠰᠠᠪᠬ᠎ᠠ ᠶᠢ | ᠪᠢᠳᠠ ᠡᠳᠦᠷ ᠲᠤᠳᠤᠮ ᠤᠨ ᠠᠮᠢᠳᠤᠷᠠᠯ ᠳᠤᠮᠳᠠ ᠦᠷᠬᠦᠯᠵᠢ ᠬᠡᠷᠡᠭᠯᠡᠳᠡᠭ᠃ ᠤᠰᠤ ᠪᠠᠷ ᠰᠠᠪᠬᠠᠨ ᠳᠡᠭᠡᠷᠡᠬᠢ | ᠣᠯᠠᠩᠬᠢ ᠪᠠᠺᠲ᠋ᠧᠷᠢ ᠶᠢ ᠨᠢ ᠤᠬᠢᠶᠠᠵᠤ ᠴᠡᠪᠡᠷᠯᠡᠴᠢᠬᠡᠳᠡᠭ ᠪᠤᠯᠪᠠᠴᠤ ᠮᠥᠨ ᠦᠯᠡᠳᠡᠪᠦᠷᠢ ᠪᠠᠺᠲ᠋ᠧᠷᠢ ᠲᠠᠢ ᠪᠠᠶᠢᠳᠠᠭ᠃ | ᠡᠶᠢᠮᠦ ᠤᠴᠢᠷ ᠠᠴᠠ ᠰᠠᠪᠬ᠎ᠠ ᠪᠠᠨ ᠶᠠᠭᠠᠬᠢᠵᠤ ᠲᠠᠯᠪᠢᠬᠤ ᠲᠤᠬᠠᠢ ᠣᠨᠴᠠᠭᠠᠶᠢᠯᠠᠨ ᠠᠩᠬᠠᠷᠬᠤ ᠬᠡᠷᠡᠭᠲᠡᠢ᠃ ᠵᠠᠷᠢᠮ | ᠬᠥᠮᠥᠨ ᠦᠵᠦᠭᠦᠷ ᠢ ᠨᠢ ᠳᠡᠭᠡᠭᠰᠢ ᠨᠢ ᠬᠠᠷᠠᠭᠤᠯᠪᠠᠯ ᠨᠡᠩ ᠴᠡᠪᠡᠷ ᠭᠡᠬᠦ ᠳᠤ᠂ ᠵᠠᠷᠢᠮ ᠨᠢ ᠦᠵᠦᠭᠦᠷ ᠢ ᠨᠢ | ᠳᠣᠷᠣᠭᠰᠢ ᠨᠢ ᠬᠠᠷᠠᠭᠤᠯᠪᠠᠯ ᠨᠡᠩ ᠴᠡᠪᠡᠷ ᠭᠡᠵᠦ ᠦᠵᠡᠳᠡᠭ᠃ ᠲᠡᠭᠡᠪᠡᠯ ᠴᠣᠬᠤᠮ ᠶᠠᠭᠠᠬᠢᠵᠤ ᠲᠠᠯᠪᠢᠪᠠᠯ ᠴᠡᠪᠡᠷ ᠪᠤᠢ | ︖ ᠲᠠᠯᠪᠢᠬᠤ ᠳᠠᠭᠠᠨ ᠶᠠᠭᠤ ᠶᠢ ᠠᠩᠬᠠᠷᠪᠠᠯ ᠵᠣᠬᠢᠬᠤ ᠪᠣᠶ︖ | ᠦᠨᠡᠨ ᠳᠡᠭᠡᠨ ᠰᠠᠪᠬ᠎ᠠ ᠪᠠᠨ ᠤᠬᠢᠶᠠᠭᠠᠳ ᠦᠵᠦᠭᠦᠷ ᠢ ᠨᠢ ᠳᠣᠷᠣᠭᠰᠢ ᠨᠢ ᠬᠠᠷᠠᠭᠤᠯᠵᠤ ᠲᠠᠯᠪᠢᠬᠤ ᠨᠢ ᠶᠡᠭᠡ | ᠪᠤᠵᠠᠷ ᠶᠤᠮ᠃ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠰᠠᠪᠬᠠᠨ ᠤ ᠬᠤᠩᠭᠢᠶ᠎ᠠ ᠳᠤ ᠦᠵᠦᠭᠦᠷ ᠢ ᠨᠢ | ᠳᠣᠷᠣᠭᠰᠢ ᠨᠢ ᠬᠠᠷᠠᠭᠤᠯᠵᠤ ᠲᠠᠯᠪᠢᠭᠰᠠᠨ ᠲᠣᠬᠢᠶᠠᠯᠳᠤᠯ ᠳᠤ ᠪᠠᠺᠲ᠋ᠧᠷᠢ ᠶᠢᠨ ᠪᠥᠭᠡᠮᠨᠡᠷᠡᠯ ᠤᠨ ᠶᠡᠷᠦᠩᠬᠡᠢ ᠲᠤᠭ᠎ᠠ ᠪᠠ | ᠪᠦᠳᠦᠭᠦᠨ ᠭᠡᠳᠡᠰᠦᠨ ᠤ ᠪᠠᠺᠲ᠋ᠧᠷᠢ ᠶᠢᠨ ᠪᠥᠭᠡᠮᠨᠡᠷᠡᠯ ᠤᠨ ᠲᠤᠭ᠎ᠠ ᠬᠡᠮᠵᠢᠭᠳᠡᠯ ᠨᠢ ᠴᠥᠮ ᠮᠠᠰᠢ ᠥᠨᠳᠥᠷ ᠪᠠᠶᠢᠨ᠎ᠠ᠃ | ᠲᠡᠶᠢᠮᠦ ᠠᠴᠠ ᠰᠠᠪᠬ᠎ᠠ ᠪᠠᠨ ᠵᠠᠪᠠᠯ ᠳᠡᠭᠡᠭᠰᠢ ᠨᠢ ᠬᠠᠷᠠᠭᠤᠯᠵᠤ ᠲᠠᠯᠪᠢᠬᠤ ᠬᠡᠷᠡᠭᠲᠡᠢ᠃ ᠡᠭᠦᠨ ᠠᠴᠠ ᠭᠠᠳᠠᠨ᠎ᠠ | ᠤᠳᠠᠭᠠᠨ ᠡᠳᠦᠷ ᠬᠡᠷᠡᠭᠯᠡᠭᠰᠡᠨ ᠦᠭᠡᠢ ᠰᠠᠪᠬ᠎ᠠ ᠪᠠᠨ ᠪᠤᠴᠠᠯᠤᠭᠰᠠᠨ ᠤᠰᠤᠨ ᠳᠤ ᠳᠡᠪᠲᠦᠭᠡᠪᠡᠯ ᠰᠠᠪᠬᠠᠨ ᠳᠡᠭᠡᠷᠡᠬᠢ | ᠪᠠᠺᠲ᠋ᠧᠷᠢ ᠶᠢ ᠨᠢ ᠠᠯᠠᠬᠤ ᠳᠤ ᠲᠤᠰᠠᠲᠠᠢ ᠶᠤᠮ᠃ | ᠵᠠᠷᠢᠮ ᠠᠶᠢᠯ ᠠᠷᠢᠭᠤᠨ ᠴᠡᠪᠡᠷ ᠢ ᠶᠡᠭᠡ ᠠᠩᠬᠠᠷᠳᠠᠭ ᠪᠣᠯᠬᠤᠷ ᠭᠡᠷ ᠲᠡᠭᠡᠨ ᠥᠪᠡᠷ ᠥᠪᠡᠷ ᠤᠨ ᠢᠶᠠᠨ ᠰᠠᠪᠬ᠎ᠠ ᠶᠢ | ᠬᠡᠷᠡᠭᠯᠡᠳᠡᠭ᠃ ᠭᠡᠪᠡᠴᠦ ᠰᠠᠪᠬ᠎ᠠ ᠶᠢ ᠤᠳᠠᠭᠠᠨ ᠬᠡᠷᠡᠭᠯᠡᠪᠡᠯ ᠥᠩᠭᠡ ᠨᠢ ᠤᠨᠠᠵᠤ ᠴᠠᠪᠠ ᠭᠠᠷᠬᠤ ᠨᠢ ᠳᠠᠮᠵᠢᠭ ᠦᠭᠡᠢ | ᠪᠣᠯᠬᠤᠷ ᠪᠦᠷᠢᠮᠦᠰᠦᠨ ᠴᠡᠪᠡᠷ ᠤᠬᠢᠶᠠᠵᠤ ᠲᠠᠶᠢᠯᠬᠦ ᠦᠭᠡᠢ ᠪᠣᠯᠵᠤ᠂ ᠬᠤᠲᠣᠭᠤᠷ ᠭᠦᠳᠦᠭᠦᠷ ᠲᠤᠨᠢ ᠪᠠᠺᠲ᠋ᠧᠷᠢ | ᠨᠢᠭᠤᠭᠳᠠᠨ᠂ ᠮᠤᠷᠦ᠋ᠢᠬᠤ ᠭᠠᠵᠢᠬᠤ ᠪᠠᠷ ᠪᠠᠷᠠᠬᠤ ᠦᠭᠡᠢ ᠸᠠᠯᠠᠭᠰᠠᠨ ᠲᠣᠯᠪᠤ ᠰᠠᠭᠤᠵᠤ ᠦᠮᠡᠬᠡᠢ ᠦᠨᠦᠷ ᠭᠠᠷᠳᠠᠭ᠃ | ᠲᠠᠶᠢᠮᠤ ᠠᠴᠠ ᠪᠠᠺᠲ᠋ᠧᠷᠢ ᠶᠢᠨ ᠬᠦᠯᠡᠮᠵᠢ ᠪᠣᠯᠤᠭᠰᠠᠨ ᠡᠳᠡᠭᠡᠷ ᠰᠠᠪᠬ᠎ᠠ ᠶᠢ ᠬᠠᠶᠢᠷᠠᠯᠠᠯ ᠦᠭᠡᠢ ᠰᠢᠭᠤᠳ ᠬᠠᠶᠠᠭᠠᠳ᠂ | ᠵᠣᠬᠢᠬᠤ ᠬᠤᠭᠤᠴᠠᠭᠠᠨ ᠳᠤ ᠰᠢᠨ᠎ᠡ ᠰᠠᠪᠬ᠎ᠠ ᠰᠣᠯᠢᠵᠤ ᠪᠠᠶᠢᠭᠠᠷᠠᠢ᠃ | |