| 1 ᠰᠠᠷ᠎ᠠ ᠶᠢᠨ 13 ᠤ ᠡᠳᠦᠷ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠵᠢᠷᠦᠬᠡᠨ ᠪᠠᠯᠭᠠᠰᠤᠨ ᠤ | ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠠᠮᠢᠶ᠎ᠠ ᠪᠥᠬᠦᠶ ᠠᠵᠢᠯᠲᠠᠳ ᠪᠡᠭᠡᠵᠢᠩ ᠬᠤᠲᠠ ᠶᠢᠨ ᠬᠠᠶᠢᠳᠢᠶᠠᠨ | ᠲᠣᠭᠤᠷᠢᠭ ᠤᠨ ᠸᠧᠨᠴᠢᠤᠸᠠᠨ ᠪᠠᠯᠭᠠᠰᠤᠨ ᠳᠤ ᠬᠦᠷᠴᠦ ᠪᠡᠭᠡᠵᠢᠩ ᠥᠪᠥᠷ ᠮᠣᠩᠭᠤᠯ ᠤᠨ ᠬᠠᠮᠵᠢᠯᠴᠠᠭ᠎ᠠ ᠶᠢᠨ | ᠠᠵᠢᠯ ᠢ ᠵᠣᠯᠭᠠᠭᠤᠯᠪᠠ᠃ | ᠲᠣᠰ ᠤᠳᠠᠭᠠᠨ ᠤ ᠠᠵᠢᠯᠯᠠᠭ᠎ᠠ ᠳᠤ᠂ ᠬᠠᠶᠢᠳᠢᠶᠠᠨ ᠲᠣᠭᠤᠷᠢᠭ ᠤᠨ ᠸᠧᠨᠴᠢᠤᠸᠠᠨ ᠪᠠᠯᠭᠠᠰᠤᠨ ᠤ ᠨᠠᠮ ᠤᠨ | ᠬᠤᠷᠢᠶᠠᠨ ᠤ ᠱᠦᠵᠢ ᠢᠦᠶ ᠰᠢᠨ ᠰᠢᠩ ᠤᠳᠤᠷᠢᠳᠬᠤ ᠪᠠᠭ ᠤᠨ ᠪᠦᠷᠢᠯᠳᠦᠬᠦᠨ ᠵᠢᠴᠢ ᠪᠡᠭᠡᠵᠢᠩ ᠬᠤᠲᠠ ᠶᠢᠨ | ᠬᠠᠶᠢᠳᠢᠶᠠᠨ ᠲᠣᠭᠤᠷᠢᠭ ᠤᠨ ᠸᠧᠨᠴᠢᠤᠸᠠᠨ ᠨᠦᠩ ᠭᠦᠩ ᠱᠠᠩ ᠶᠡᠷᠦᠩᠬᠡᠶ ᠺᠣᠮᠫᠠᠨᠢ ᠶᠢᠨ ᠨᠠᠮ ᠤᠨ ᠡᠭᠦᠷ ᠤᠨ ᠱᠦᠵᠢ | ᠂ ᠶᠡᠷᠦᠩᠬᠡᠶ ᠳᠠᠭᠠᠭᠠᠮᠠᠯ ᠯᠢ ᠴᠢᠩ ᠯᠢ ᠵᠢᠷᠦᠬᠡᠨ ᠪᠠᠯᠭᠠᠰᠤᠨ ᠤ ᠠᠵᠢᠯ ᠢ ᠵᠣᠯᠭᠠᠭᠤᠯᠬᠤ ᠬᠥᠮᠦᠰ ᠲᠠᠢ ᠶᠠᠷᠢᠯᠴᠠᠬᠤ | ᠬᠤᠷᠠᠯ ᠬᠢᠵᠦ᠂ ᠢᠳᠡᠪᠬᠢᠲᠡᠶ ᠵᠥᠪᠳᠡᠯᠴᠡᠬᠦ ᠪᠠᠷ ᠳᠡᠮᠵᠢᠨ᠂ ᠪᠡᠭᠡᠵᠢᠩ ᠥᠪᠥᠷ ᠮᠣᠩᠭᠤᠯ ᠤᠨ ᠬᠠᠪᠰᠤᠷᠤᠨ ᠲᠡᠳᠬᠦᠬᠦ | ᠠᠵᠢᠯ ᠤᠨ ᠲᠠᠯ᠎ᠠ ᠪᠠᠷ ᠤᠯᠠᠮ ᠨᠢᠭᠡ ᠠᠯᠬᠤᠮ ᠰᠢᠨ᠎ᠡ ᠬᠠᠮᠲᠤᠷᠠᠯᠴᠠᠭ᠎ᠠ ᠲᠠᠢ ᠪᠣᠯᠪᠠ᠃ | ᠨᠢᠭᠡ ᠳᠤ ᠬᠠᠶᠢᠳᠢᠶᠠᠨ ᠲᠣᠭᠤᠷᠢᠭ ᠤᠨ ᠸᠧᠨᠴᠢᠤᠸᠠᠨ ᠪᠠᠯᠭᠠᠰᠤ ᠶᠢᠨ ᠳ᠋ᠦᠩ ᠪᠦ᠋ ᠳᠧᠦ ᠲᠣᠰᠬᠤᠨ ᠤ ᠠᠵᠤ | ᠠᠬᠤᠶ ᠶᠢᠨ ᠬᠤᠷᠰᠢᠶ᠎ᠠ ᠲᠠᠢ ︽ᠲᠠᠷᠢᠶᠠᠯᠠᠩ ᠤᠨ ᠪᠦᠳᠦᠭᠡᠭᠳᠡᠭᠦᠨ ᠮᠠᠯ ᠤᠨ ᠠᠰᠢᠭ ᠰᠢᠮ᠎ᠡ ᠶᠢ ᠬᠤᠳᠠᠯᠳᠤᠨ ᠠᠪᠬᠤ | ᠭᠡᠷ᠎ᠡ︾ ᠲᠣᠭᠲᠠᠪᠠ᠃ ᠡᠮᠦᠨᠡᠳᠦ ᠬᠤᠰᠢᠭᠤᠨ ᠤ ᠵᠢᠷᠦᠬᠡᠨ ᠪᠠᠯᠭᠠᠰᠤᠨ ᠤ ᠲᠠᠬᠢᠶᠠᠨ ᠮᠢᠬ᠎ᠠ᠂ ᠦᠬᠡᠷ ᠤᠨ ᠮᠢᠬ᠎ᠠ ᠪᠠ | ᠨᠢᠶᠠᠩ ᠪᠤᠤᠪᠤ ᠵᠡᠷᠭᠡ 1581 ᠬᠠᠶᠢᠷᠴᠠᠭ ᠲᠠᠷᠢᠶᠠᠯᠠᠩ ᠤᠨ ᠪᠦᠳᠦᠭᠡᠭᠳᠡᠭᠦᠨ ᠮᠠᠯ ᠤᠨ ᠠᠰᠢᠭ ᠰᠢᠮ᠎ᠡ ᠶᠢ | ᠬᠤᠳᠠᠯᠳᠤᠨ ᠠᠪᠴᠤ᠂ ᠬᠠᠶᠢᠷᠴᠠᠭ ᠪᠦᠷᠢ ᠶᠢᠨ ᠨᠢᠭᠡᠴᠢ ᠦᠨ᠎ᠡ ᠨᠢ 369 ᠲᠥᠭᠦᠷᠢᠭ᠂ ᠨᠡᠶᠢᠲᠡ 583389 | ᠲᠥᠭᠦᠷᠢᠭ ᠲᠤ ᠬᠦᠷᠴᠡᠢ᠃ ᠬᠤᠶᠠᠷ ᠲᠤ 60 ᠲᠦᠮᠡᠨ ᠲᠥᠭᠦᠷᠢᠭ ᠤᠨ ᠬᠠᠪᠰᠤᠷᠤᠨ ᠲᠡᠳᠬᠦᠬᠦ ᠪᠠᠯᠠ ᠮᠥᠩᠭᠦ ᠶᠢᠨ | ᠬᠡᠷᠡᠭᠯᠡᠬᠦ ᠴᠢᠭᠯᠡᠯ ᠢ ᠨᠠᠶᠢᠳᠠᠪᠤᠷᠢᠵᠢᠭᠤᠯᠵᠠᠢ᠃ ᠭᠤᠷᠪᠠ ᠳᠤ ᠬᠠᠶᠢᠳᠢᠶᠠᠨ ᠲᠣᠭᠤᠷᠢᠭ ᠤᠨ ᠸᠧᠨᠴᠢᠤᠸᠠᠨ ᠪᠠᠯᠭᠠᠰᠤᠨ ᠤ | ᠨᠠᠮ ᠤᠨ ᠬᠤᠷᠢᠶ᠎ᠠ᠂ ᠵᠠᠰᠠᠭ ᠤᠨ ᠣᠷᠳᠣᠨ ᠠᠴᠠ ᠸᠧᠨᠴᠢᠤᠸᠠᠨ ᠪᠠᠯᠭᠠᠰᠤᠨ ᠤ ᠬᠠᠷᠢᠶ᠎ᠠ ᠲᠣᠭᠤᠷᠢᠭ ᠤᠨ ᠠᠵᠤ | ᠠᠬᠤᠶᠢᠯᠠᠯ ᠢ ᠢᠳᠡᠪᠬᠢᠲᠡᠶ ᠪᠠᠷ ᠵᠣᠬᠢᠴᠠᠭᠤᠯᠵᠤ᠂ ᠡᠮᠦᠨᠡᠳᠦ ᠬᠤᠰᠢᠭᠤᠨ ᠤ ᠵᠢᠷᠦᠬᠡᠨ ᠪᠠᠯᠭᠠᠰᠤᠨ ᠤ ᠰᠢᠶᠤᠤ ᠺᠤᠤ | ᠱᠠᠨ ᠲᠤᠰᠬᠤᠨ ᠤ ᠤᠰᠤᠨ ᠳᠤ ᠡᠪᠳᠡᠭᠳᠡᠭᠰᠡᠨ ᠬᠡᠷ ᠪᠠᠶᠢᠰᠢᠩ ᠤᠨ ᠠᠰᠠᠭᠤᠳᠠᠯ ᠢ ᠲᠤᠰᠠᠯᠠᠨ ᠰᠢᠢᠳᠪᠤᠷᠢᠯᠡᠬᠦ ᠪᠠᠷ | ᠲᠥᠯᠥᠪᠯᠡᠵᠦ᠂ ᠬᠠᠪᠰᠤᠷᠤᠨ ᠲᠡᠳᠬᠦᠬᠦ ᠪᠠᠯᠠ ᠮᠥᠩᠭᠦ ᠨᠢ 90 ᠲᠦᠮᠡᠨ ᠲᠥᠭᠦᠷᠢᠭ ᠪᠤᠯᠤᠨ᠎ᠠ᠃ ᠳᠥᠷᠪᠡ ᠳᠤ | ᠬᠠᠶᠢᠳᠢᠶᠠᠨ ᠲᠣᠭᠤᠷᠢᠭ ᠤᠨ ᠸᠧᠨᠴᠢᠤᠸᠠᠨ ᠨᠦᠩ ᠭᠦᠩ ᠱᠠᠩ ᠶᠡᠷᠦᠩᠬᠡᠶ ᠺᠣᠮᠫᠠᠨᠢ ᠲᠠᠢ ᠲᠤᠲᠤᠷᠭ᠎ᠠ᠂ ᠬᠤᠨᠢᠨ | ᠮᠢᠬ᠎ᠠ ᠵᠡᠷᠭᠡ ᠶᠢ ᠪᠣᠷᠣᠯᠠᠭᠤᠯᠬᠤ ᠪᠣᠷᠣ ᠲᠥᠯᠥᠪ ᠤᠨ ᠬᠡᠯᠡᠯᠴᠡᠭᠡᠷ ᠲᠤᠭᠳᠠᠵᠤ᠂ ᠨᠢᠭᠡᠳᠦᠭᠡᠷ ᠪᠦᠯᠦᠭ ᠤᠨ | ᠦᠢᠯᠡᠳᠭᠦᠨ ᠢ 1 ᠰᠠᠷ᠎ᠠ ᠶᠢᠨ 15 ᠤ ᠡᠳᠦᠷ ᠪᠠᠷᠠᠭ᠎ᠠ ᠶᠠᠪᠤᠭᠤᠯᠤᠨ᠎ᠠ᠃ |