| ᠴᠠᠭᠠᠨ ᠰᠠᠷ᠎ᠠ ᠶᠢᠨ ᠬᠤᠭᠤᠴᠠᠭᠠᠨ ᠳᠤ᠂ ᠰᠤᠷᠪᠤᠯᠵᠢᠯᠠᠭᠴᠢ ᠬᠤᠷᠴᠢᠨ ᠪᠠᠷᠠᠭᠤᠨ ᠭᠠᠷᠤᠨ ᠡᠮᠦᠨᠡᠲᠦ | ᠬᠤᠰᠢᠭᠤᠨ ᠤ ᠭᠦᠢᠯᠡᠷ ᠭᠤᠤᠯ ᠠᠮᠢ ᠠᠬᠤᠶ ᠶᠢᠨ ᠴᠡᠴᠡᠷᠯᠢᠭ ᠤᠨ ᠪᠠᠷᠠᠭᠤᠨ ᠲᠠᠯ᠎ᠠ ᠳᠤ ᠪᠠᠶᠢᠭ᠎ᠠ ᠬᠢᠩᠭᠠᠨ | ᠠᠶᠢᠮᠠᠭ ᠤᠨ ᠵᠢᠶᠠᠨ ᠭᠦᠸᠧ ᠵᠣᠴᠢᠳ ᠤᠨ ᠪᠠᠭᠤᠳᠠᠯ ᠢᠶᠠᠷ ᠬᠦᠷᠴᠦ ᠰᠢᠨ᠎ᠡ ᠵᠢᠯ ᠤᠨ ᠦᠨᠦᠷ ᠠᠮᠲᠠ ᠶᠢ ᠬᠠᠶᠢᠵᠤ᠂ | ᠮᠠᠰᠢ ᠣᠯᠠᠨ ᠥᠪᠡᠷᠮᠢᠴᠡ ᠣᠨᠴᠠᠯᠢᠭ ᠲᠠᠢ ᠢᠳᠡᠭᠡᠨ ᠳᠠᠬᠢ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ | ᠸᠧᠨ ᠴᠤᠸᠠᠩ ᠴᠠᠰᠤᠮᠠᠭ ᠨᠢ ᠰᠣᠶᠣᠯ ᠵᠢᠭᠤᠯᠴᠢᠯᠠᠯ ᠤᠨ ᠠᠭᠤᠰᠤᠯᠴᠠᠯ ᠤᠨ ᠦᠵᠡᠰᠬᠦᠯᠡᠩᠲᠦ ᠰᠠᠶᠢᠬᠠᠨ | ᠦᠵᠡᠮᠵᠢ ᠶᠢᠨ ᠪᠠᠶᠢᠷᠢ ᠪᠣᠯᠵᠣ᠂ ᠤᠯᠠᠮᠵᠢᠯᠠᠯᠲᠤ ᠪᠠᠶᠠᠷ ᠤᠨ ᠡᠳᠦᠷ ᠲᠤ ᠥᠪᠡᠷᠮᠢᠴᠡ ᠰᠠᠶᠢᠬᠠᠨ ᠦᠨᠦᠷ ᠠᠮᠲᠠ ᠶᠢ | ᠨᠡᠮᠡᠷᠢᠯᠡᠭᠰᠡᠨ ᠪᠠᠶᠢᠨ᠎ᠠ᠃ | ᠬᠢᠩᠭᠠᠨ ᠠᠶᠢᠮᠠᠭ ᠤᠨ ᠵᠢᠶᠠᠨ ᠭᠦᠸᠧ ᠵᠣᠴᠢᠳ ᠤᠨ ᠪᠠᠭᠤᠳᠠᠯ ᠳᠤ ᠣᠷᠣᠬᠤ ᠳᠤ᠂ ᠸᠧᠨ ᠴᠤᠸᠠᠩ ᠴᠠᠰᠤᠮᠠᠭ | ᠤᠨ ᠬᠥᠯᠳᠡᠭᠡᠭᠦᠷ ᠲᠤ ᠶᠠᠩᠵᠤ ᠪᠦᠷᠢ ᠶᠢᠨ ᠳᠦᠷᠰᠦ ᠪᠦᠲᠦᠭᠡᠯᠲᠡ ᠨᠢ ᠬᠥᠭᠡᠷᠦᠬᠦᠨ᠂ ᠣᠷᠣᠨ ᠨᠤᠲᠤᠭ ᠤᠨ | ᠣᠨᠴᠠᠯᠢᠭ ᠢᠶᠠᠷ ᠪᠠᠶᠠᠯᠢᠭ ᠸᠧᠨ ᠴᠤᠸᠠᠩ ᠴᠠᠰᠤᠮᠠᠭ ᠢ ᠲᠡᠷᠢ ᠲᠡᠭᠰᠢ ᠵᠢᠭᠰᠠᠭᠠᠭᠰᠠᠨ ᠦᠨᠡᠬᠡᠷ ᠢᠯᠡ ᠬᠠᠷᠠᠭᠳᠠᠨ᠎ᠠ᠃ | ᠡᠳᠡᠭᠡᠷ ᠸᠧᠨ ᠴᠤᠸᠠᠩ ᠴᠠᠰᠤᠮᠠᠭ ᠨᠢ ᠣᠯᠠᠨ ᠶᠠᠩᠵᠤ ᠶᠢᠨ ᠠᠮᠲᠠ ᠲᠠᠢ ᠪᠠᠶᠢᠳᠠᠭ᠃ ᠬᠤᠷᠤᠳ ᠤᠨ ᠠᠮᠲᠠ ᠲᠠᠢ | ᠴᠠᠰᠤᠮᠠᠭ ᠨᠢ ᠲᠠᠯ᠎ᠠ ᠨᠤᠲᠤᠭ ᠤᠨ ᠴᠠᠭᠠᠨ ᠢᠳᠡᠭᠡᠨ ᠤ ᠥᠪᠡᠷᠮᠢᠴᠡ ᠠᠮᠳᠠ ᠶᠢ ᠬᠠᠳᠠᠭᠠᠯᠠᠵᠤ᠂ ᠠᠭᠠᠯᠢᠭ ᠠᠯᠢᠮ᠎ᠠ | ᠶᠢᠨ ᠠᠮᠲᠠ ᠲᠠᠢ ᠴᠠᠰᠤᠮᠠᠭ ᠨᠢ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠲᠤᠬᠠᠶ ᠶᠢᠨ ᠭᠠᠵᠠᠷ ᠤᠨ | ᠠᠭᠠᠯᠢᠭ ᠠᠯᠢᠮ᠎ᠠ ᠪᠠᠷ ᠲᠦᠭᠦᠬᠡᠶ ᠮᠠᠲ᠋ᠧᠷᠢᠶᠠᠯ ᠪᠤᠯᠭᠠᠭᠰᠠᠨ ᠪᠤᠯᠬᠤᠷ᠂ ᠬᠥᠮᠦᠰ ᠲᠤ ᠨᠢᠭᠡ ᠵᠦᠢᠯ ᠤᠨ ᠣᠨᠴᠠᠭᠠᠶ | ᠠᠮᠲᠠ ᠶᠢᠨ ᠰᠡᠷᠡᠯ ᠤᠨ ᠬᠦᠷᠲᠡᠭᠡᠯ ᠣᠯᠭᠤᠳᠠᠭ᠃ ︽ᠡ᠊ᠨᠳᠡᠬᠢ ᠸᠧᠨ ᠴᠤᠸᠠᠩ ᠴᠠᠰᠤᠮᠠᠭ ᠨᠢ ᠮᠠᠰᠢ ᠥᠪᠡᠷᠮᠢᠴᠡ | ᠣᠨᠴᠠᠯᠢᠭ ᠲᠠᠢ᠂ ᠦᠨᠢᠶᠡᠨ ᠰᠦ ᠪᠣᠯᠤᠨ ᠲᠤᠲᠤᠷᠭ᠎ᠠ ᠪᠠᠷ ᠬᠢᠭᠰᠡᠨ ᠴᠠᠰᠤᠮᠠᠭ ᠢ ᠠᠮᠳᠠᠯᠠᠵᠤ ᠦᠵᠡᠭᠰᠡᠨ ᠳᠤ ᠮᠠᠰᠢ | ᠠᠮᠲᠠᠲᠠᠶ ᠪᠠᠶᠢᠨ᠎ᠠ᠂ ᠬᠤᠶᠠᠷ ᠬᠠᠶᠢᠷᠴᠠᠭ ᠬᠤᠳᠠᠯᠳᠤᠨ ᠠᠪᠴᠠᠢ ᠁︾ ᠭᠡᠵᠦ ᠤᠯᠠᠭᠠᠨᠬᠤᠲᠠ ᠶᠢᠨ ᠠᠷᠠᠳ | ᠭᠦᠸᠧ ᠯᠢᠩ ᠬᠡᠯᠡᠪᠡ᠃ | ᠸᠧᠨ ᠴᠤᠸᠠᠩ ᠴᠠᠰᠤᠮᠠᠭ ᠨᠢ ᠥᠪᠡᠷᠮᠢᠴᠡ ᠣᠨᠴᠠᠯᠢᠭ ᠲᠠᠢ ᠪᠠᠶᠢᠵᠤ᠂ ᠵᠣᠴᠢᠳ ᠲᠤ ᠠᠮᠲᠠᠲᠤ ᠢᠳᠡᠭᠡᠨ | ᠬᠠᠩᠭᠠᠭᠰᠠᠨ ᠢᠶᠠᠷ ᠪᠠᠷᠠᠬᠤ ᠥᠬᠡᠶ᠂ ᠨᠠᠩ ᠴᠤ ᠲᠤᠬᠠᠶ ᠶᠢᠨ ᠭᠠᠵᠠᠷ ᠤᠨ ᠰᠣᠶᠣᠯ ᠪᠣᠯᠤᠨ ᠠᠮᠲᠠᠲᠤ ᠢᠳᠡᠭᠡᠨ ᠢ | ᠬᠠᠷᠢᠯᠴᠠᠨ ᠤᠶᠠᠯᠳᠤᠭᠤᠯᠵᠤ᠂ ᠴᠠᠭᠠᠨ ᠰᠠᠷ᠎ᠠ ᠶᠢᠨ ᠨᠢᠭᠡᠨ ᠣᠨᠴᠠᠭᠠᠶ ᠦᠵᠡᠮᠵᠢ ᠪᠣᠯᠵᠤ᠂ ᠬᠤᠷᠴᠢᠨ ᠪᠠᠷᠠᠭᠤᠨ | ᠭᠠᠷᠤᠨ ᠡᠮᠦᠨᠡᠲᠦ ᠬᠤᠰᠢᠭᠤᠨ ᠤ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠬᠥᠭᠵᠢᠯᠲᠡ ᠳᠤ ᠰᠢᠨ᠎ᠡ ᠬᠢᠯᠠᠰ | ᠴᠡᠭ ᠨᠡᠮᠡᠷᠢᠯᠡᠨ᠎ᠠ᠃ | ᠬᠢᠩᠭᠠᠨ ᠠᠶᠢᠮᠠᠭ ᠤᠨ ᠵᠢᠶᠠᠨ ᠭᠦᠸᠧ ᠵᠣᠴᠢᠳ ᠤᠨ ᠪᠠᠭᠤᠳᠠᠯ ᠤᠨ ᠢᠳᠡᠭᠡᠨ ᠤᠮᠳᠠᠭᠠᠨ ᠤ ᠬᠡᠯᠲᠡᠰ ᠤᠨ | ᠳᠠᠭᠠᠭᠠᠮᠠᠯ ᠪᠦᠦ ᠸᠧᠶ ᠸᠧᠶ ᠄ ︽ᠮᠠᠨ ᠤ ᠸᠧᠨ ᠴᠤᠸᠠᠩ ᠴᠠᠰᠤᠮᠠᠭ ᠨᠢ ︿ᠬᠠᠩᠭᠠᠢ ᠨᠤᠲᠤᠭ ᠣᠶᠤᠨ ᠰᠠᠨᠠᠭᠠᠨ ᠤ | ᠮᠠᠯᠵᠢᠯ ᠤᠨ ᠲᠠᠯᠠᠪᠠᠶ﹀ ᠪᠠᠷ ᠣᠶᠢᠯᠠᠭᠠᠭᠳᠠᠬᠤᠨ ᠢᠶᠠᠨ ᠪᠤᠯᠭᠠᠵᠠᠢ᠂ ᠵᠢᠷᠭᠤᠭᠠᠨ ᠵᠦᠢᠯ ᠤᠨ ᠴᠠᠰᠤᠮᠠᠭ ᠨᠢ ᠠᠮᠲᠠ | ᠰᠢᠮᠲᠡ ᠠᠴᠠ ᠠᠪᠤᠭᠠᠳ ᠵᠢᠷᠤᠭ ᠲᠥᠯᠥᠪᠯᠡᠭᠡ ᠬᠦᠷᠲᠡᠯ᠎ᠡ ᠴᠥᠮ ᠥᠪᠡᠷᠮᠢᠴᠡ ᠣᠨᠴᠠᠯᠢᠭ ᠲᠠᠢ ᠪᠠᠶᠢᠵᠤ᠂ ᠠᠯᠢ | ᠨᠢᠭᠡ ᠵᠦᠢᠯ ᠨᠢ ᠴᠦ ᠬᠢᠩᠭᠠᠨ ᠠᠶᠢᠮᠠᠭ ᠤᠨ ᠨᠤᠲᠤᠭ ᠤᠨ ᠰᠣᠶᠣᠯ ᠢ ᠬᠥᠮᠦᠰ ᠲᠤ ᠮᠡᠳᠡᠭᠦᠯᠵᠦ᠂ ᠠᠮᠲᠠᠲᠤ | ᠢᠳᠡᠭᠡᠨ ᠢ ᠠᠮᠲᠠᠯᠠᠭᠤᠯᠬᠤ ᠶᠢᠨ ᠬᠠᠮᠲᠤ ᠬᠢᠩᠭᠠᠨ ᠠᠶᠢᠮᠠᠭ ᠤᠨ ᠥᠪᠡᠷᠮᠢᠴᠡ ᠷᠢᠳᠢ ᠰᠢᠳᠢ ᠶᠢ ᠨᠡᠩ ᠭᠦᠨᠵᠡᠭᠡᠢ | ᠣᠶᠢᠯᠠᠭᠠᠭᠤᠯᠬᠤ ᠪᠤᠯᠤᠨ᠎ᠠ ᠁︾ ᠭᠡᠵᠦ ᠲᠠᠨᠢᠯᠴᠠᠭᠤᠯᠵᠠᠢ᠃ |