| ᠦᠭᠡᠷ ᠪᠣᠯ ᠭᠦᠮᠦᠨ ᠲᠥᠷᠥᠯᠬᠢᠳᠡᠨ ᠳᠤ ᠰᠢᠮ᠎ᠡ ᠲᠡᠵᠢᠭᠡᠯ ᠰᠠᠶᠢᠲᠠᠢ ᠰᠦ ᠴᠠᠭ᠎ᠠ ᠪᠣᠯᠣᠨ ᠮᠢᠬ᠎ᠠ ᠲᠤᠰᠤ | ᠬᠠᠨᠭ᠍ᠭᠠᠵᠤ ᠥᠭᠳᠡᠭ ᠣᠯᠠᠨ ᠵᠦᠢᠯ ᠤᠨ ᠠᠵᠦ ᠠᠬᠤᠢ ᠶᠢᠨ ᠥᠷᠳᠡᠭ ᠲᠠᠢ ᠮᠠᠯ ᠪᠣᠯᠣᠨ᠎ᠠ᠃ ᠡᠯ᠎ᠡ ᠲᠥᠷᠥᠯ ᠤᠨ | ᠮᠠᠯ ᠤᠨ ᠳᠣᠲᠣᠷ᠎ᠠ ᠰᠦᠨ ᠤ ᠭᠠᠷᠴᠠ ᠪᠠᠷ ᠬᠠᠮᠤᠭ ᠶᠡᠭᠡ ᠨᠢ ᠰᠦᠨ ᠤ ᠬᠡᠷᠡᠭᠴᠡᠭᠡᠲᠦ ᠦᠨᠢᠶ᠎ᠡ ᠪᠣᠯᠣᠨ᠎ᠠ᠃ ᠨᠢᠭᠡ | ᠰᠠᠭᠠᠯᠢ ᠶᠢᠨ ᠦᠨᠢᠶᠡᠨ ᠠᠴᠠ ᠵᠢᠯ ᠳᠤ ᠪᠠᠷᠤᠭ 4000 — 6000 ᠺᠢᠯᠥᠭᠷᠡᠮ ᠰᠦ ᠭᠠᠷᠳᠠᠭ᠃ ᠡᠳᠡᠭᠡᠷ | ᠰᠦᠨ ᠤ ᠪᠠᠨ ᠪᠠᠭ᠎ᠠ ᠬᠡᠰᠡᠭ ᠢ ᠲᠤᠭᠤᠯ ᠳᠠᠭᠠᠨ ᠬᠦᠬᠦᠬᠦᠯᠬᠦ ᠠᠴᠠ ᠭᠠᠳᠠᠨ᠎ᠠ ᠶᠡᠬᠡᠨᠭᠬᠢ ᠨᠢ ᠬᠦᠮᠦᠰ ᠲᠤ ᠰᠢᠭᠤᠳ | ᠪᠤᠶᠤ ᠲᠠᠮ ᠢᠶᠠᠷ ᠠᠰᠢᠭᠯᠠᠭᠳᠠᠨ᠎ᠠ᠃ ᠦᠨᠢᠶᠡᠨ ᠰᠦ ᠪᠣᠯᠣᠨ ᠰᠦᠨ ᠤ ᠪᠥᠳᠦᠭᠡᠭᠳᠡᠭᠦᠨ ᠳᠤ ᠰᠢᠮ᠎ᠡ ᠲᠡᠵᠢᠭᠡᠯᠲᠦ | ᠪᠣᠳᠠᠰ ᠡᠯᠪᠡᠭ ᠮᠥᠷᠳᠡᠭᠡᠨ ᠲᠥᠷᠥᠯ ᠵᠦᠢᠯ ᠨᠢ ᠪᠦᠷᠢᠨ ᠬᠦᠢᠴᠡᠳ ᠪᠠᠶᠢᠳᠠᠭ᠃ ᠦᠭᠡᠷ᠂ ᠮᠢᠬᠠᠨ ᠤ | ᠤᠶᠢᠯᠡᠳᠪᠦᠷᠢᠯᠡᠯ ᠤᠨ ᠲᠠᠯ᠎ᠠ ᠪᠠᠷ ᠴᠤ ᠴᠢᠬᠤᠯᠠ ᠪᠠᠶᠢᠷᠢ ᠶᠢ ᠡᠵᠡᠯᠡᠳᠡᠭ᠃ ᠲᠡᠭᠦᠨ ᠤ ᠠᠷᠠᠴᠢᠯᠠᠭ᠎ᠠ | ᠲᠡᠵᠢᠭᠡᠯᠭᠡ ᠶᠢ ᠨᠢ ᠰᠠᠶᠢᠵᠢᠷᠠᠭᠤᠯᠵᠤ᠂ ᠵᠣᠬᠢᠰᠲᠠᠢ ᠪᠣᠷᠳᠤᠵᠣ ᠲᠠᠷᠭᠤᠯᠠᠭᠤᠯᠪᠠᠯ ᠪᠢᠷᠠᠭᠤᠨ ᠤ ᠦᠶ᠎ᠡ ᠳᠡᠭᠡᠨ | ᠪᠡᠶ᠎ᠡ ᠶᠢᠨ ᠬᠦᠨᠳᠦᠴᠡ ᠨᠢ ᠪᠠᠷᠤᠭ 500 ᠺᠢᠯᠥᠭᠷᠠᠮ ᠳᠤ ᠬᠦᠷᠳᠡᠭ᠃ ᠡᠶᠢᠮᠦ ᠦᠭᠡᠷ ᠤᠨ ᠮᠢᠬᠠᠨ ᠤ ᠭᠠᠷᠴᠠ ᠨᠢ | ᠶᠡᠭᠡ ᠪᠠᠶᠢᠳᠠᠭ ᠢᠶᠠᠷ ᠪᠠᠷᠠᠬᠤ ᠦᠭᠡᠢ ᠬᠠᠷ᠎ᠠ ᠮᠢᠬ᠎ᠠ ᠡᠯᠪᠡᠭᠲᠡᠢ ᠪᠥᠭᠡᠳ ᠮᠢᠬ᠎ᠠ ᠨᠢ ᠵᠥᠭᠡᠯᠡᠨ ᠰᠢᠮᠡᠲᠡᠢ ᠪᠠᠶᠢᠳᠠᠭ | ᠪᠣᠯᠬᠤᠷ ᠸᠢᠲ᠋ᠠᠮᠢᠨ A ᠶᠢᠨ ᠠᠭᠤᠯᠣᠭᠳᠠᠴᠠ ᠡᠯᠪᠡᠭ ᠪᠠᠶᠢᠳᠠᠭ᠃ ᠦᠭᠡᠷ ᠪᠤᠯ ᠡᠪᠡᠰᠦᠨ ᠲᠡᠵᠢᠭᠡᠯᠲᠦ ᠠᠮᠢᠳᠠᠨ | ᠪᠣᠯᠬᠤᠷ ᠶᠡᠬᠡᠨᠭᠬᠢ ᠳᠡᠭᠡᠨ ᠪᠦᠳᠦᠬᠦᠯᠢᠭ ᠡᠪᠡᠰᠦ ᠪᠣᠷᠳᠤᠭ᠎ᠠ ᠶᠢ ᠠᠰᠢᠭᠯᠠᠳᠠᠭ᠃ ᠡᠶᠢᠮᠦ ᠠᠴᠠ ᠤᠶᠢᠯᠡᠳᠪᠦᠷᠢᠯᠡᠯ ᠤᠨ | ᠥᠪᠡᠷ ᠤᠨ ᠥᠷᠳᠡᠭ ᠨᠢ ᠲᠤᠤᠷ᠎ᠠ᠂ ᠰᠢᠮ᠎ᠡ ᠲᠡᠵᠢᠭᠡᠯ ᠡᠯᠪᠡᠭ ᠲᠠᠢ᠂ ᠠᠵᠤ ᠠᠬᠤᠢ ᠶᠢᠨ ᠠᠰᠢᠭ ᠬᠤᠨᠵᠢᠪᠦᠷᠢ ᠨᠢ | ᠶᠡᠭᠡ ᠪᠠᠶᠢᠳᠠᠭ᠃ ᠦᠭᠡᠷ ᠪᠤᠯ ᠬᠡᠪᠡᠭᠴᠢ ᠮᠠᠯ ᠪᠣᠯᠬᠤᠷ ᠡᠳᠦᠷ ᠲᠤ ᠭᠠᠷᠭᠠᠬᠤ ᠪᠠᠭᠠᠰᠤ ᠰᠢᠭᠡᠰᠦ ᠨᠢ ᠪᠣᠰᠣᠳ | ᠠᠮᠢᠳᠠᠨ ᠤ ᠬᠢ ᠠᠴᠠ ᠠᠷᠪᠢᠨ ᠶᠤᠮ᠃ ᠡᠨᠡ ᠨᠢ ᠲᠠᠷᠢᠶᠠᠯᠠᠩ ᠠᠵᠦ ᠣᠶᠢᠯᠡᠳᠪᠦᠷᠢᠯᠡᠯ ᠤᠨ ᠤᠷᠭᠠᠨᠢᠭ | ᠪᠣᠷᠳᠤᠭᠤᠷ ᠤᠨ ᠭᠤᠣᠯ ᠢᠷᠡᠯᠲᠡ ᠪᠣᠯᠣᠨ᠎ᠠ᠃ ᠡᠳᠡᠭᠡᠷ ᠤᠷᠭᠠᠨᠢᠭ ᠪᠣᠷᠳᠣᠭᠤᠷ ᠨᠢ ᠲᠠᠷᠢᠮᠠᠯ ᠪᠣᠷᠳᠣᠭᠠᠨ ᠳᠤ | ᠱᠠᠭᠠᠷᠳᠠᠭᠳᠠᠬᠤ ᠰᠢᠮ᠎ᠡ ᠲᠡᠵᠢᠭᠡᠯ ᠢ ᠰᠢᠭᠤᠳ ᠬᠠᠨᠭ᠍ᠭᠠᠬᠤ ᠪᠠᠷ ᠪᠠᠷᠠᠬᠤ ᠦᠭᠡᠢ ᠪᠠᠰᠠ ᠬᠦᠷᠦᠰᠦ ᠰᠢᠷᠦᠢ ᠶᠢᠨ | ᠪᠦᠳᠦᠴᠡ ᠶᠢ ᠰᠠᠶᠢᠵᠢᠷᠠᠭᠤᠯᠬᠤ ᠪᠠ ᠣᠰᠣ ᠶᠢ ᠬᠠᠮᠠᠭᠠᠯᠠᠬᠤ ᠣᠶᠢᠯᠡᠳᠦᠯ ᠲᠠᠢ᠃ ᠦᠭᠡᠷ ᠤᠨ ᠠᠷᠠᠰᠣ᠂ ᠦᠰᠦ | ᠡᠪᠡᠷ᠂ ᠲᠤᠳᠤᠭᠠᠳᠤ ᠡᠷᠭᠡᠳᠡᠨ᠂ ᠴᠢᠰᠦ ᠵᠡᠷᠭᠡ ᠲᠠᠭᠠᠯᠳᠤᠪᠤᠷᠢ ᠪᠥᠳᠦᠭᠡᠭᠳᠡᠭᠦᠨ ᠨᠢ ᠬᠦᠡᠭᠭᠡᠨ ᠠᠵᠦ ᠤᠶᠢᠯᠡᠳᠪᠦᠷᠢ | ᠪᠠ ᠡᠮ ᠡᠮᠨᠡᠯᠭᠡ ᠶᠢᠨ ᠲᠦᠭᠦᠭᠡᠢ ᠮᠠᠲ᠋ᠧᠷᠢᠶᠠᠯ ᠪᠣᠯᠣᠨ᠎ᠠ᠃ ᠡᠳᠡᠭᠡᠷ ᠨᠢ ᠮᠥᠨ ᠴᠤ ᠭᠠᠳᠠᠭᠠᠳᠤ ᠳᠤ ᠭᠠᠷᠭᠠᠬᠤ | ᠴᠢᠬᠤᠯᠠ ᠡᠳ᠋ ᠪᠣᠳᠠᠰ ᠪᠣᠯᠣᠨ᠎ᠠ᠃ ᠠᠵᠦ ᠠᠬᠤᠢ ᠬᠥᠭᠵᠢᠭᠰᠡᠨ ᠤᠯᠤᠰ ᠤᠨ ᠮᠠᠯ ᠠᠵᠤ ᠠᠬᠤᠢ ᠶᠢᠨ | ᠤᠶᠢᠯᠡᠳᠭᠦᠨ ᠤ ᠥᠷᠳᠡᠭ ᠨᠢ ᠲᠠᠷᠢᠶᠠᠯᠠᠩ ᠠᠵᠦ ᠠᠬᠤᠶᠢᠯᠠᠯ ᠤᠨ ᠶᠡᠷᠦᠩᠭᠡᠢ ᠦᠢᠯᠡᠳᠭᠦᠨ ᠤ ᠥᠷᠳᠡᠭ ᠤᠨ | 50% ᠠᠴᠠ ᠲᠡᠭᠡᠭᠰᠢᠬᠢ ᠶᠢ ᠡᠵᠡᠯᠡᠵᠦ ᠪᠤᠢ᠃ ᠵᠢᠱᠢᠶᠠᠯᠠᠪᠠᠯ ᠠᠦ᠋ᠰᠲᠷᠯᠢᠶ᠎ᠠ ᠳᠤ 70% ᠶᠢ ᠡᠵᠡᠯᠡᠵᠦ᠂ | ᠠᠮᠧᠷᠢᠺᠠ ᠳᠤ 60% ᠶᠢ ᠡᠵᠡᠯᠡᠵᠦ ᠪᠠᠶᠢᠨ᠎ᠠ᠃ ᠡᠭᠦᠨ ᠤ ᠳᠣᠲᠣᠷ᠎ᠠ ᠦᠭᠡᠷ ᠮᠠᠯᠵᠢᠯ ᠤᠨ ᠤᠶᠢᠯᠡᠰ ᠤᠨ | ᠤᠶᠢᠯᠡᠳᠭᠦᠨ ᠤ ᠥᠷᠳᠡᠭ ᠤᠨ ᠡᠵᠡᠯᠡᠬᠦ ᠬᠠᠷᠢᠴᠠᠯ ᠨᠢ ᠬᠠᠮᠤᠭ ᠶᠡᠭᠡ᠃ ᠬᠡᠳᠡᠯ᠎ᠡ ᠮᠠᠨ ᠤ ᠤᠯᠤᠰ ᠲᠤ ᠵᠥᠪᠭᠡᠨ | 15% ᠶᠢ ᠯᠠ ᠡᠵᠡᠯᠡᠵᠦ ᠪᠠᠶᠢᠳᠠᠭ᠃ | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ | |