| ᠡᠪᠡᠰᠦ ᠪᠡᠯᠴᠢᠭᠡᠷ ᠥᠳᠭᠡᠨ ᠰᠠᠬᠤᠯᠠᠭ ᠲᠠᠷᠭᠤᠨ ᠨᠠᠮᠤᠷ ᠤᠨ ᠤᠯᠠᠷᠢᠯ ᠪᠣᠯ ᠪᠣᠳᠠ ᠪᠣᠭ ᠮᠠᠯ ᠳᠤ ᠲᠤᠰᠤᠨ | ᠲᠠᠷᠭᠤ ᠠᠪᠤᠭᠤᠯᠬᠤ ᠵᠠᠩᠬᠢᠯᠠᠭ᠎ᠠ ᠶᠢᠨ ᠴᠠᠭ ᠪᠣᠯᠣᠨ᠎ᠠ᠃ ᠮᠡᠳᠡᠭᠡᠵᠢ ᠪᠠᠷ ᠮᠠᠯ ᠰᠦᠷᠦᠭ ᠬᠡᠳᠦᠢ ᠲᠦᠭᠦᠷᠡᠩ ᠲᠡᠷᠭᠤ | ᠠᠪᠤᠪᠠᠯ ᠵᠣᠳ ᠭᠠᠮᠰᠢᠭ ᠲᠤ ᠲᠠᠭᠠᠭᠠᠴᠠ ᠲᠠᠢ ᠪᠠᠶᠢᠵᠦ᠂ ᠡᠪᠡᠳᠴᠢᠨ ᠭᠡᠮ ᠢ ᠡᠰᠡᠷᠭᠦᠴᠡᠬᠦ ᠴᠢᠳᠠᠪᠣᠷᠢ ᠨᠢ ᠴᠣ᠋ | ᠲᠡᠳᠦᠢ ᠰᠠᠶᠢᠨ᠂ ᠦᠭᠦᠯ ᠬᠤᠬᠢᠷᠠᠯ ᠨᠢ ᠲᠡᠳᠦᠢ ᠴᠦᠭᠡᠨ ᠪᠠᠶᠢᠳᠠᠭ᠃ ᠪᠤᠳᠠ ᠪᠣᠭ ᠮᠠᠯ ᠳᠤ ᠲᠤᠰᠤᠨ ᠲᠠᠷᠭᠤ | ᠰᠠᠶᠢᠨ ᠠᠪᠣᠭᠤᠯᠬᠤ ᠳᠤ ᠲᠤᠤᠷᠠᠬᠢ ᠬᠡᠳᠦᠨ ᠲᠠᠯ᠎ᠠ ᠪᠠᠷ ᠣᠨᠴᠠᠭᠠᠢ ᠠᠩᠬᠠᠷᠬᠤ ᠬᠡᠷᠡᠭᠲᠡᠢ᠄ 1. ᠮᠠᠯ ᠰᠦᠷᠦᠭ ᠤᠨ | ᠲᠤᠭ᠎ᠠ ᠲᠣᠯᠣᠭᠠᠢ ᠶᠢ ᠵᠣᠬᠢᠰᠲᠠᠢ ᠬᠢᠵᠠᠭᠠᠷᠯᠠᠨ᠎ᠠ᠂ ᠮᠠᠯ ᠰᠦᠷᠦᠭ ᠤᠨ ᠲᠤᠭ᠎ᠠ ᠨᠢ ᠭᠡᠳᠦ ᠣᠯᠠᠰᠢᠷᠠᠬᠤ ᠪᠤᠶᠤ | ᠴᠥᠭᠡᠷᠡᠪᠡᠯ ᠠᠷᠠᠴᠢᠯᠠᠵᠦ ᠮᠠᠯᠯᠠᠬᠤ ᠪᠠ ᠬᠠᠷᠢᠭᠤᠯᠬᠤ ᠳᠤ ᠮᠠᠭᠤ ᠶᠤᠮ᠂ ᠶᠡᠷᠦ ᠶᠢᠨ ᠪᠠᠶᠢᠳᠠᠯ ᠳᠤ ᠪᠣᠭ ᠮᠠᠯ ᠢ 400 | — 500 ᠲᠣᠯᠣᠭᠠᠢ︔ ᠠᠳᠤᠭᠤ ᠶᠢ ᠪᠣᠯ 150 — 200 ᠲᠣᠯᠣᠭᠠᠢ︔ ᠦᠭᠡᠷ ᠢ ᠪᠣᠯ 30 — | 100 ᠲᠣᠯᠣᠭᠠᠢ ᠰᠦᠷᠦᠭᠯᠡᠭᠦᠯᠪᠡᠯ ᠬᠠᠮᠤᠭ ᠤᠨ ᠲᠣᠬᠢᠷᠠᠮᠵᠢᠲᠠᠢ ᠪᠠᠶᠢᠳᠠᠭ᠃ ᠢᠡᠭᠬᠢᠪᠡᠯ ᠪᠡᠯᠴᠢᠭᠡᠷᠯᠡᠭᠦᠯᠦᠨ | ᠬᠠᠷᠢᠭᠤᠯᠬᠤ᠂ ᠵᠢᠰᠤᠯᠠᠵᠦ ᠲᠠᠨᠢᠬᠤ ᠪᠠ ᠪᠦᠷᠢᠳᠭᠡᠨ ᠲᠤᠭᠠᠯᠠᠬᠤ᠂ ᠡᠪᠡᠳᠴᠢᠨ ᠬᠢᠵᠢᠭ ᠢ ᠨᠢ ᠡᠮᠨᠡᠨ ᠵᠠᠰᠠᠬᠤ ᠪᠠ | ᠰᠡᠷᠭᠡᠶᠢᠯᠡᠬᠦ᠂ ᠠᠷᠠᠴᠢᠯᠠᠭ᠎ᠠ ᠲᠤᠳᠤᠮᠳᠤᠯᠭ᠎ᠠ ᠪᠠᠨ ᠴᠢᠩᠭᠠᠳᠬᠠᠬᠤ ᠳᠤ ᠪᠦᠷ ᠠᠰᠢᠭᠲᠠᠢ ᠶᠤᠮ᠃ 2. ᠰᠦᠷᠦᠭ | ᠰᠠᠯᠭᠠᠨ ᠬᠠᠷᠢᠭᠤᠯᠬᠤ᠃ ᠪᠤᠭ ᠮᠠᠯ ᠢ ᠡᠪᠡᠰᠦ ᠪᠡᠯᠴᠢᠭᠡᠷ᠂ ᠣᠰᠣ ᠤᠮᠳᠠ᠂ ᠲᠥᠯ᠂ ᠦᠷ᠎ᠡ ᠶᠢᠨ ᠮᠠᠯ | ᠵᠡᠷᠭᠡ ᠪᠠᠷ ᠨᠢ ᠠᠩᠬᠢᠯᠠᠵᠦ᠂ ᠠᠯᠢ ᠪᠤᠯᠬᠤ ᠪᠠᠷ ᠠᠰ ᠲᠤᠨᠢ ᠰᠦᠷᠦᠭᠯᠡᠭᠦᠯᠪᠡᠯ ᠲᠤᠰᠤᠨ ᠲᠠᠷᠭᠤ ᠶᠢ ᠨᠢ ᠬᠠᠮᠠᠭᠠᠯᠠᠬᠤ᠂ | ᠠᠷᠠᠴᠢᠯᠠᠭ᠎ᠠ ᠮᠠᠯᠯᠠᠭ᠎ᠠ ᠳᠤ ᠲᠥᠭᠦᠮ ᠪᠠᠶᠢᠳᠠᠭ᠃ ᠤᠴᠢᠷ ᠨᠢ ᠠᠳᠠᠯᠢ ᠪᠣᠰᠣ ᠨᠠᠰᠤᠨ ᠤ ᠮᠠᠯ ᠪᠠ ᠬᠦᠢᠰᠦ ᠶᠢᠨ | ᠢᠯᠭᠠᠯ ᠨᠢ ᠠᠳᠠᠯᠢ ᠦᠭᠡᠢ᠂ ᠠᠳᠠᠯᠢ ᠲᠥᠷᠥᠯ ᠤᠨ ᠮᠠᠯ ᠤᠨ ᠴᠣᠪᠣᠵᠣ ᠪᠡᠯᠴᠢᠭᠡᠷᠯᠡᠬᠦ᠂ ᠢᠳᠡᠰᠢᠯᠡᠬᠦ ᠲᠤᠷᠠᠰᠢᠯ ᠪᠠ | ᠢᠳᠡᠰᠢᠯᠡᠬᠦ ᠬᠡᠮᠵᠢᠶ᠎ᠡ᠂ ᠰᠢᠮ᠎ᠡ ᠲᠡᠵᠢᠭᠡᠯ ᠤᠨ ᠱᠠᠭᠠᠷᠳᠠᠯᠭ᠎ᠠ ᠵᠡᠷᠭᠡ ᠨᠢ ᠪᠦᠷ ᠠᠳᠠᠯᠢ ᠦᠭᠡᠢ ᠪᠠᠶᠢᠳᠠᠭ᠃ ᠡᠭᠦᠨ ᠳᠤ | ᠬᠤᠷᠠᠭ᠎ᠠ ᠢᠰᠢᠭᠡ ᠶᠢ 8 ᠳ᠋ᠤᠭᠠᠷ ᠰᠠᠷ᠎ᠠ ᠶᠢᠨ ᠰᠡᠭᠦᠯᠴᠢ ᠪᠠᠷ ᠡᠭᠡ ᠶᠢ ᠨᠢ ᠲᠠᠭᠠᠭᠤᠯᠵᠤ ᠬᠠᠷᠢᠭᠤᠯᠤᠨ᠂ 9 ᠳ᠋ᠤᠭᠡᠷ | ᠰᠠᠷ᠎ᠠ ᠶᠢᠨ ᠲᠤᠮᠳᠠᠴᠢ ᠠᠴᠠ ᠡᠭᠡ ᠲᠥᠯ ᠢ ᠰᠦᠷᠦᠭ ᠰᠠᠯᠠᠭᠠᠨ ᠬᠠᠷᠢᠭᠤᠯᠵᠤ᠂ ᠲᠦᠭᠦᠷᠡᠩ ᠲᠤᠰᠤᠨ ᠲᠠᠷᠭᠤ | ᠠᠪᠬᠤ ᠳᠤ ᠨᠥᠭᠦᠴᠡᠯ ᠪᠥᠷᠢᠯᠳᠦᠭᠦᠯᠵᠦ ᠥᠭᠬᠦᠪᠡᠯ ᠵᠣᠬᠢᠨ᠎ᠠ᠃ ᠰᠠᠶᠢᠨ ᠡᠭᠦᠯᠳᠡᠷ ᠤᠨ ᠬᠤᠴᠠ ᠤᠬᠤᠨ᠎ᠠ ᠳᠤ 8 | ᠳ᠋ᠤᠭᠠᠷ ᠰᠠᠷ᠎ᠠ ᠠᠴᠠ ᠡᠬᠢᠯᠡᠵᠦ᠂ ᠵᠣᠬᠢᠰᠲᠠᠢ ᠲᠡᠵᠢᠭᠡᠯ ᠪᠣᠷᠳᠤᠭ᠎ᠠ ᠨᠠᠮᠠᠷᠢᠯᠠᠵᠤ᠂ 10 ᠳ᠋ᠤᠭᠠᠷ ᠰᠠᠷ᠎ᠠ ᠳᠤ | ᠬᠡᠬᠡᠯᠳᠤᠬᠦᠯᠭᠡ ᠬᠢᠬᠦ ᠳᠤ ᠪᠡᠯᠡᠳᠭᠡᠯ ᠬᠢᠪᠡᠯ ᠵᠣᠬᠢᠨ᠎ᠠ᠃ 3. ᠬᠠᠷᠢᠭᠤᠯᠭ᠎ᠠ ᠬᠢᠬᠡᠳ ᠠᠷᠠᠴᠢᠯᠠᠭ᠎ᠠ ᠮᠠᠯᠯᠠᠭ᠎ᠠ ᠪᠠᠨ | ᠴᠢᠩᠭᠠᠳᠬᠠᠬᠤ ᠬᠡᠷᠡᠭᠲᠡᠢ᠃ ᠵᠣᠨ ᠨᠠᠮᠦᠷ ᠤᠨ ᠬᠠᠯᠠᠭᠤᠨ ᠤ ᠦᠶ᠎ᠡ ᠳᠤ ᠪᠣᠭ ᠮᠠᠯ ᠢ ᠦᠳᠡ ᠶᠢᠨ ᠭᠤᠣᠯ ᠳᠤ | ᠬᠤᠳᠠᠯᠠᠭᠤᠯᠵᠤ ᠠᠮᠠᠷᠠᠭᠤᠯᠬᠤ ᠪᠤᠶᠣ ᠠᠭᠤᠯᠠᠨ ᠣᠷᠣᠢ ᠬᠢᠷ᠎ᠡ ᠪᠠᠷ ᠰᠡᠷᠢᠭᠦᠴᠠᠭᠦᠯᠤᠨ ᠠᠮᠠᠷᠠᠭᠤᠯᠵᠤ᠂ ᠥᠷᠯᠦᠭᠡ | ᠦᠲᠡ ᠳᠤ ᠬᠤᠶᠠᠷ ᠤᠳᠠᠭ᠎ᠠ ᠬᠤᠳᠳᠤᠭ ᠤᠨ ᠤᠰᠤ ᠪᠤᠶᠤ ᠭᠤᠤᠯ ᠤᠨ ᠴᠡᠪᠡᠷ ᠤᠰᠤ ᠪᠠᠷ ᠬᠠᠨᠤᠳᠠᠯ᠎ᠠ ᠨᠢ | ᠤᠰᠤᠯᠠᠬᠤ ᠬᠡᠷᠡᠭᠲᠡᠢ᠃ ᠨᠠᠭᠤᠷ ᠤᠨ ᠤᠰᠤ ᠶᠢ ᠤᠤᠭᠤᠯᠭᠠᠵᠤ ᠤᠭᠲᠤ ᠪᠤᠯᠬᠤ ᠦᠭᠡᠢ᠃ ᠢᠡᠭᠬᠢᠪᠡᠯ ᠳᠣᠲᠣᠷ | ᠰᠢᠮᠡᠬᠦᠷ ᠬᠤᠷᠤᠬᠠᠢ ᠲᠠᠢ ᠪᠣᠯᠵᠣ ᠮᠠᠳᠡᠨ᠎ᠡ᠃ 10 — 20 ᠬᠤᠨᠤᠭ ᠲᠤ ᠨᠢᠭᠡ ᠤᠳᠠᠭ᠎ᠠ ᠬᠤᠵᠢᠷᠯᠡᠪᠡᠯ ᠵᠣᠬᠢᠨ᠎ᠠ | ᠃ ᠦᠭᠡᠷ ᠠᠳᠣᠭᠤ ᠶᠢ ᠪᠣᠯ ᠠᠯᠢ ᠪᠣᠯᠬᠤ ᠪᠠᠷ ᠡᠳᠦᠷ ᠲᠤ ᠨᠢᠭᠡ ᠤᠳᠠᠭ᠎ᠠ ᠴᠣᠭᠯᠠᠭᠤᠯᠵᠤ ᠰᠠᠶᠢᠨ ᠤᠰᠤᠯᠠᠬᠤ | ᠬᠡᠷᠡᠭᠲᠡᠢ᠃ ᠡᠳᠦᠷ ᠤᠨ ᠰᠡᠷᠢᠭᠦᠨ ᠣᠷᠣᠬᠤ ᠶᠢ ᠲᠠᠭᠠᠯᠳᠣᠨ᠂ ᠡᠯ᠎ᠡ ᠲᠥᠷᠥᠯ ᠤᠨ ᠮᠠᠯ ᠤᠨ ᠪᠡᠯᠴᠢᠭᠡᠷᠯᠡᠬᠦ ᠴᠠᠭ ᠢ ᠨᠢ | ᠵᠣᠬᠢᠰᠲᠠᠢ ᠤᠷᠳᠤᠳᠬᠠᠨ᠂ ᠲᠤᠭᠳᠠᠭᠤᠨ ᠪᠡᠯᠴᠢᠭᠡᠷᠯᠡᠭᠦᠯᠵᠦ ᠰᠢᠷᠦᠭᠦᠨ ᠲᠤᠭᠤᠵᠤ ᠬᠥᠭᠡᠭᠡᠬᠦ ᠶᠢ ᠡᠷᠡᠰ ᠴᠡᠭᠡᠷᠯᠡᠬᠦ | ᠬᠡᠷᠡᠭᠲᠡᠢ ᠪᠥᠭᠡᠳ ᠰᠠᠶᠢᠨ ᠪᠡᠯᠴᠢᠭᠡᠷ ᠢ ᠰᠤᠩᠭᠤᠨ᠂ ᠠᠳᠠᠯᠢ ᠪᠣᠰᠣ ᠪᠡᠯᠴᠢᠭᠡᠷ ᠲᠤ ᠡᠭᠡᠯᠵᠢᠯᠡᠬᠦᠯᠦᠨ ᠬᠠᠷᠢᠭᠤᠯᠪᠠᠯ | ᠵᠣᠬᠢᠨ᠎ᠠ᠃ ᠡᠭᠦᠨ ᠤ ᠬᠠᠮᠲᠤ ᠪᠠᠰᠠ ᠴᠠᠭ ᠲᠠᠷᠦᠢ ᠳᠤᠨᠢ ᠡᠮᠳᠤ ᠣᠬᠢᠶᠠᠯᠭ᠎ᠠ ᠬᠢᠬᠦ᠂ ᠳᠣᠲᠣᠷ ᠰᠢᠮᠡᠭᠦᠷ | ᠬᠤᠷᠣᠬᠠᠢ ᠶᠢ ᠨᠢ ᠲᠠᠭᠤᠬᠤ᠂ ᠡᠪᠡᠳᠴᠢᠨ ᠭᠡᠮ ᠢ ᠨᠢ ᠵᠠᠰᠠᠵᠦ ᠡᠳᠡᠭᠡᠷᠡᠭᠦᠯᠬᠦ᠂ ᠰᠡᠷᠭᠡᠶᠢᠯᠡᠯᠲᠡ ᠶᠢᠨ ᠲᠠᠷᠢᠯᠭ᠎ᠠ | ᠲᠠᠷᠢᠬᠤ ᠠᠵᠢᠯ ᠢ ᠨᠢᠮᠪᠡᠢ ᠰᠠᠶᠢᠨ ᠬᠢᠬᠦ ᠬᠡᠷᠡᠭᠲᠡᠢ᠃ | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ |