ᠡᠮᠤᠨᠡᠲᠦ ᠬᠤᠰᠢᠭᠤ ᠰᠤᠳᠤᠯᠦᠨ ᠰᠤᠷᠤᠯᠴᠠᠬᠤ ᠠᠵᠢᠯᠯᠯᠠᠭ᠎ᠠ ᠪᠠᠷ ᠬᠡᠤᠬᠡᠳ ᠲᠤ ᠤᠯᠠᠮᠵᠢᠯᠠᠯᠲᠦ ᠰᠤᠶᠤᠯ ᠢ ᠤᠯᠠᠮᠵᠢᠯᠠᠵᠦ ᠪᠠᠶᠢᠨ᠎ᠠ
ᠨᠡᠶᠢᠲᠡᠯᠡᠭᠰᠡᠨ ᠴᠠᠭ᠄
2025/3/18
      ᠦᠢᠷ᠎ᠠ ᠳᠤ᠂ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠤᠯᠠᠮᠵᠢᠯᠠᠯᠳᠥ ᠴᠠᠭᠠᠨ ᠢᠳᠡᠭᠡᠨ ᠤ ᠬᠦᠷᠢᠶᠡᠯᠡᠩ ᠠᠴᠠ ᠴᠠᠭᠠᠨ ᠢᠳᠡᠭᠡᠨ ᠬᠢᠬᠦ ᠶᠢ ᠪᠡᠶᠡᠴᠢᠯᠡᠨ ᠤᠶᠢᠯᠠᠭᠠᠬᠤ ᠰᠤᠳᠤᠯᠥᠨ ᠰᠤᠷᠤᠯᠴᠠᠬᠤ ᠠᠵᠢᠯᠯᠠᠭ᠎ᠠ ᠶᠠᠪᠤᠭᠳᠠᠭᠤᠯᠵᠤ᠂ 25 ᠨᠡᠷᠡᠰ ᠪᠢᠴᠢᠬᠠᠨ ᠬᠡᠥᠭᠡᠳ ᠨᠡᠷ᠎ᠡ ᠮᠡᠳᠡᠬᠦᠯᠥᠨ ᠤᠷᠤᠯᠴᠠᠵᠤ᠂ ᠴᠠᠭᠠᠨ ᠢᠳᠡᠭᠡᠨ ᠬᠢᠬᠦ ᠠᠷᠭ᠎ᠠ ᠶᠢ ᠰᠤᠷᠤᠯᠴᠠᠬᠰᠠᠨ ᠮᠦᠷᠳᠡᠬᠡᠨ ᠴᠠᠭᠠᠨ ᠢᠳᠡᠭᠡᠨ ᠥᠢᠯᠡᠳᠪᠤᠷᠢᠯᠡᠬᠦ ᠳᠠᠰᠤᠭ ᠢᠶᠠᠷ ᠳᠤᠭᠤᠷᠢᠨ ᠦᠵᠡᠪᠠ᠃      ᠲᠤᠬᠠᠢ ᠶᠢᠨ ᠲᠠᠯᠠᠪᠤᠷ ᠲᠤ ᠬᠡᠥᠭᠡᠳ ᠤᠳ ᠦᠪᠠᠷ ᠤᠨ ᠵᠤᠬᠢᠶᠠᠬᠰᠡᠨ ᠴᠠᠭᠠᠨ ᠢᠳᠡᠭᠡᠨ ᠢᠶᠠᠨ ᠠᠮᠳᠠᠯᠠᠬᠤ ᠶᠢᠨ ᠬᠠᠮᠳᠥ ᠬᠤᠭᠤᠷᠥᠨᠳᠥ ᠪᠠᠨ ᠳᠤᠷᠰᠢᠯᠭ᠎ᠠ ᠪᠠᠨ ᠰᠤᠯᠢᠯᠴᠠᠵᠤ ᠮᠠᠰᠢ ᠪᠠᠶᠠᠷ ᠬᠦᠷ ᠲᠠᠢ ᠪᠠᠶᠢᠯ᠎ᠠ᠃ ︽ᠬᠡᠥᠭᠡᠳ ᠡ᠂ ᠦᠨᠥᠳᠥᠷ ᠪᠢᠳᠡ ᠤᠯᠠᠮᠵᠢᠯᠠᠯᠳᠥ ᠴᠠᠭᠠᠨ ᠢᠳᠡᠭᠡᠨ ᠬᠢᠬᠦ ᠠᠷᠭ᠎ᠠ ᠶᠢ ᠰᠤᠷᠤᠯᠴᠠᠶ᠎ᠠ᠂ ᠬᠠᠮᠤᠭ ᠳᠡᠷᠢᠬᠦᠨ ᠳᠤ ᠰᠢᠷ᠎ᠡ ᠳᠤᠰᠥ ᠲᠠᠢ ᠪᠤᠭᠤᠷᠰᠤᠭ ᠬᠢᠬᠦ ᠮᠡᠷᠭᠡᠵᠢᠯ ᠢ ᠤᠯᠠᠨ ᠳᠤ ᠲᠠᠨᠢᠯᠴᠠᠭᠤᠯᠵᠤ ᠦᠭᠬᠦᠶ᠎ᠡ ᠁︾ ᠭᠡᠵᠤ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠤᠯᠠᠮᠵᠢᠯᠠᠯᠳᠥ ᠴᠠᠭᠠᠨ ᠢᠳᠡᠭᠡᠨ ᠤ ᠬᠦᠷᠢᠶᠡᠯᠡᠩ ᠤᠨ ᠨᠠᠮ ᠤᠨ ᠡᠬᠦᠷ ᠤᠨ ᠱᠦᠵᠢ ᠴᠤᠯᠮᠥᠨ ᠠᠴᠠ ᠪᠢᠴᠢᠬᠠᠨ ᠬᠡᠥᠭᠡᠳ ᠲᠤ ᠴᠠᠭᠠᠨ ᠢᠳᠡᠭᠡᠨ ᠬᠢᠬᠦ ᠠᠷᠭ᠎ᠠ ᠶᠢ ᠲᠠᠨᠢᠯᠴᠠᠭᠤᠯᠥᠨ ᠦᠭᠴᠤ ᠪᠠᠶᠢᠯ᠎ᠠ᠃      ︽ᠪᠢ ᠦᠨᠥᠳᠥᠷ ᠬᠠᠮᠳᠥ ᠰᠤᠷᠤᠯᠭᠠᠳᠠᠨ ᠲᠠᠢ ᠪᠠᠨ ᠴᠠᠭᠠᠨ ᠢᠳᠡᠭᠡᠨ ᠥᠢᠯᠠᠳᠪᠤᠷᠢᠯᠠᠭᠦ ᠶᠢ ᠪᠡᠶᠡᠴᠢᠯᠡᠨ ᠤᠶᠢᠯᠠᠭᠠᠬᠤ ᠰᠤᠳᠤᠯᠥᠨ ᠰᠤᠷᠤᠯᠴᠠᠬᠤ ᠠᠵᠢᠯᠯᠠᠭ᠎ᠠ ᠳᠤ ᠤᠷᠤᠯᠴᠠᠭᠠᠳ ᠮᠠᠰᠢ ᠤᠯᠠᠨ ᠮᠡᠳᠡᠯᠭᠡ ᠰᠤᠷᠤᠯᠴᠠᠵᠠᠢ᠃ ᠤᠳᠥ ᠪᠢ ᠰᠢᠷ᠎ᠡ ᠳᠤᠰᠥ ᠲᠠᠢ ᠪᠤᠭᠤᠷᠰᠤᠭ ᠬᠢᠬᠦ ᠮᠡᠷᠭᠡᠵᠢᠯ ᠢ ᠡᠵᠡᠮᠰᠢᠭᠰᠡᠨ᠂ ᠭᠡᠷ ᠲᠡᠭᠡᠨ ᠬᠠᠷᠢᠪᠠᠯ ᠡᠵᠢ ᠲᠠᠢ ᠪᠠᠨ ᠬᠠᠮᠳᠥ ᠴᠠᠭᠠᠨ ᠢᠳᠡᠭᠡᠨ ᠬᠢᠵᠤ ᠪᠤᠯᠪᠠᠰᠤᠷᠠᠨ᠎ᠠ︾ ᠭᠡᠵᠤ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠨᠢᠭᠡᠳᠥᠭᠡᠷ ᠪᠠᠭ᠎ᠠ ᠰᠤᠷᠭᠠᠭᠤᠯᠢ ᠶᠢᠨ ᠰᠤᠷᠤᠭᠴᠢ ᠴᠡᠴᠡᠨ ᠬᠡᠯᠡᠵᠤ ᠪᠠᠶᠢᠪᠠ᠃     ᠤᠶᠢᠯᠠᠭᠠᠭᠰᠠᠨ ᠢᠶᠠᠷ᠂ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠤᠯᠠᠮᠵᠢᠯᠠᠯᠳᠥ ᠴᠠᠭᠠᠨ ᠢᠳᠡᠭᠡᠨ ᠤ ᠬᠦᠷᠢᠶᠡᠯᠡᠩ ᠡ᠊ᠨᠡ ᠵᠢᠯ ᠨᠡᠶᠢᠳᠡ 100 ᠳᠠᠯᠠᠪᠠᠢ ᠴᠠᠭᠠᠨ ᠢᠳᠡᠭᠡᠨ ᠥᠢᠯᠳᠪᠤᠷᠢᠯᠠᠭᠦ ᠶᠢ ᠪᠡᠶᠡᠴᠢᠯᠡᠨ ᠤᠶᠢᠯᠠᠭᠠᠬᠤ ᠰᠤᠳᠤᠯᠥᠨ ᠰᠤᠷᠤᠯᠴᠠᠬᠤ ᠠᠵᠢᠯᠯᠠᠭ᠎ᠠ ᠶᠠᠪᠤᠭᠳᠠᠭᠤᠯᠬᠤ ᠪᠠᠷ ᠲᠦᠯᠥᠪᠯᠡᠵᠤ ᠪᠠᠶᠢᠬᠤ ᠪᠦᠭᠡᠳ ᠨᠡᠩ ᠤᠯᠠᠨ ᠬᠤᠳᠠ ᠬᠦᠳᠡᠭᠡ ᠶᠢᠨ ᠬᠡᠥᠭᠡᠳ ᠲᠤ ᠤᠯᠠᠮᠵᠢᠯᠠᠯᠳᠥ ᠴᠠᠭᠠᠨ ᠢᠳᠡᠭᠡᠨ ᠬᠢᠬᠦ ᠮᠡᠷᠭᠡᠵᠢᠯ ᠢ ᠡᠵᠡᠮᠰᠢᠬᠦᠯᠥᠨ᠂ ᠪᠡᠶ᠎ᠡ ᠪᠠᠨ ᠳᠠᠭᠠᠭᠠᠵᠤ ᠠᠵᠢᠯ ᠬᠦᠳᠡᠯᠮᠥᠷᠢ ᠳᠤ ᠤᠷᠤᠯᠴᠠᠬᠤ ᠢᠳᠡᠪᠬᠢᠵᠢᠯ ᠢ ᠨᠢ ᠳᠠᠶᠢᠴᠢᠯᠠᠨ᠂ ᠨᠡᠶᠢᠭᠡᠮ ᠤᠨ ᠥᠢᠯᠡᠳᠥᠯᠭᠡ ᠳᠤ ᠢᠯᠡᠬᠦᠭᠡᠨ ᠤᠷᠤᠯᠴᠠᠬᠤ ᠶᠢ ᠵᠤᠷᠢᠭᠵᠢᠭᠤᠯᠵᠤ ᠪᠤᠢ᠃ ︵ᠤᠷᠠᠨᠳᠤᠳᠢ︶
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号