ᠦᠨᠳᠥᠰᠥᠳᠡᠨ ᠤ ᠬᠤᠪᠴᠠᠰᠥ ᠵᠠᠰᠠᠯ ᠤᠨ ᠳᠡᠯᠭᠡᠬᠦᠷ ᠡᠵᠡᠩᠨᠡᠨ ᠪᠠᠶᠠᠵᠢᠯ ᠤᠨ ᠵᠠᠮ ᠢᠶᠠᠨ ᠡᠯᠬᠦᠯ᠎ᠡ
ᠨᠡᠶᠢᠲᠡᠯᠡᠭᠰᠡᠨ ᠴᠠᠭ᠄
2025/3/27
                 ● ᠰᠤᠷᠪᠤᠯᠵᠢᠯᠠᠭᠴᠢ ᠤᠷᠠᠨᠳᠤᠳᠢ      ︽ᠲᠠᠨ ᠤ ᠵᠠᠬᠢᠭᠰᠠᠨ 3 ᠵᠠᠬ᠎ᠠ ᠮᠤᠩᠭᠤᠯ ᠬᠤᠪᠴᠠᠰᠥ ᠶᠢ ᠤᠶᠤᠭᠠᠳ ᠪᠠᠷᠠᠴᠢᠬᠠᠯ᠎ᠠ᠂ ᠴᠢᠯᠥᠭᠡ ᠵᠠᠪ ᠢᠶᠠᠷ ᠢᠶᠠᠨ ᠠᠪᠬᠤ ᠪᠠᠷ ᠢᠷᠡᠭᠡᠷᠡᠢ ᠁︾ ᠲᠦᠷᠥᠬᠦᠭᠡᠨ᠂ ᠰᠤᠷᠪᠤᠯᠵᠢᠯᠠᠭᠴᠢ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠬᠤᠷᠴᠢᠨ ᠪᠠᠯᠭᠠᠰᠥᠨ ᠳᠤ ᠪᠠᠶᠢᠷᠢᠯᠠᠭ᠎ᠠ ︽ᠵᠠᠰᠠᠭᠳᠥ ᠦᠨᠳᠥᠰᠥᠳᠡᠨ ᠤ ᠬᠤᠪᠴᠠᠰᠥ ᠵᠠᠰᠠᠯ ᠤᠨ ᠳᠡᠯᠭᠡᠬᠦᠷ︾ ᠲᠤ ᠰᠤᠷᠪᠤᠯᠵᠢᠯᠠᠬᠤ ᠪᠠᠷ ᠬᠦᠷᠬᠦ ᠳᠤ᠂ ᠦᠨᠥ ᠳᠡᠯᠭᠡᠬᠦᠷ ᠤᠨ ᠡᠵᠡᠨ ᠶᠠᠨ ᠰᠢᠶᠥᠥ ᠵᠢᠶᠧ ᠬᠡᠷᠡᠭᠯᠡᠭᠴᠢᠳ ᠲᠠᠢ ᠪᠠᠨ ᠸᠢᠴᠠᠲ ᠢᠶᠠᠷ ᠵᠤᠭᠤᠭᠳᠠᠵᠤ ᠪᠠᠶᠢᠯ᠎ᠠ᠃      ᠶᠠᠨ ᠰᠢᠶᠥᠥ ᠵᠢᠶᠧ 1997 ᠤᠨ ᠳᠤ ᠤᠯᠠᠭᠠᠨᠬᠤᠳᠠ ᠶᠢᠨ ᠨᠢᠭᠡᠨ ᠬᠤᠪᠴᠠᠰᠥᠨ ᠳᠡᠯᠭᠡᠬᠦᠷ ᠲᠤ ᠬᠦᠯᠥᠰᠥᠨ ᠠᠵᠢᠯ ᠬᠢᠵᠤ᠂ ᠪᠦᠰ ᠡᠰᠭᠡᠬᠦ᠂ ᠲᠤᠪᠴᠢ ᠬᠠᠳᠠᠬᠤ᠂ ᠬᠤᠪᠴᠠᠰᠥ ᠤᠶᠤᠬᠤ ᠵᠡᠷᠭᠡ ᠮᠡᠷᠭᠡᠵᠢᠯ ᠢ ᠰᠤᠷᠴᠤ ᠡᠵᠡᠮᠰᠢᠵᠡᠢ᠃ ᠳᠡᠬᠦᠨ ᠤ ᠬᠠᠳᠠᠮ ᠡᠵᠢ ᠨᠢ ᠤᠶᠢᠷ᠎ᠠ ᠬᠠᠪᠢ ᠳᠠᠭᠠᠨ ᠨᠡᠷ᠎ᠡ ᠠᠯᠳᠠᠷᠰᠢᠭᠰᠠᠨ ᠤᠶᠤᠳᠠᠯᠴᠢᠨ ᠪᠦᠰᠡᠬᠦᠢ᠂ ᠦᠪᠡᠰᠥᠪᠡᠨ ᠰᠤᠷᠴᠤ ᠡᠵᠡᠮᠰᠢᠭᠰᠡᠨ ᠮᠡᠷᠭᠡᠵᠢᠯ ᠤᠨ ᠢᠶᠠᠨ ᠰᠠᠭᠤᠷᠢᠨ ᠳᠡᠭᠡᠷ᠎ᠡ ᠬᠠᠳᠠᠮ ᠡᠵᠢ ᠠᠴᠠ ᠪᠠᠨ ᠮᠤᠩᠭᠤᠯ ᠬᠤᠪᠴᠠᠰᠥ ᠬᠢᠬᠦ ᠮᠡᠷᠭᠡᠵᠢᠯ ᠢ ᠨᠢ ᠨᠠᠷᠢᠯᠢᠭ ᠰᠢᠰᠲ᠋ᠧᠮ ᠲᠠᠢ ᠰᠤᠷᠤᠭᠰᠠᠨ ᠠᠴᠠ ᠳᠡᠬᠦᠨ ᠤ ᠵᠢᠷᠤᠵᠤ ᠲᠦᠯᠥᠪᠯᠡᠬᠦ᠂ ᠪᠦᠰ ᠡᠰᠭᠡᠬᠦ ᠵᠡᠷᠭᠡ ᠮᠡᠷᠭᠡᠵᠢᠯ ᠨᠢ ᠡᠳᠥᠷ ᠠᠴᠠ ᠡᠳᠥᠷ ᠰᠠᠶᠢᠵᠢᠷᠠᠪᠠ᠃ ᠮᠦᠨ ᠳᠡᠷᠡ ᠴᠠᠭ ᠠᠴᠠ ᠡᠬᠢᠯᠡᠨ ᠳᠡᠷᠡ ᠦᠪᠡᠰᠥᠪᠡᠨ ᠮᠤᠩᠭᠤᠯ ᠬᠤᠪᠴᠠᠰᠥᠨ ᠳᠡᠯᠭᠡᠬᠦᠷ ᠡᠵᠡᠩᠨᠡᠬᠦ ᠪᠤᠳᠤᠯ ᠤᠷᠤᠵᠤ᠂ ᠲᠦᠷᠥᠯ ᠰᠠᠳᠥᠨ᠂ ᠨᠠᠶᠢᠵᠠ ᠨᠦᠬᠦᠳ ᠤᠨ ᠢᠶᠠᠨ ᠳᠡᠮᠵᠢᠯᠭᠡ ᠪᠠ ᠵᠤᠷᠢᠭᠵᠢᠭᠤᠯᠤᠯ ᠳᠤᠤᠷ᠎ᠠ 2012 ᠤᠨ ᠳᠤ ᠦᠪᠠᠷ ᠤᠨ ᠢᠶᠠᠨ ᠭᠡᠰᠡᠨ ᠦᠨᠳᠥᠰᠥᠳᠡᠨ ᠤ ᠬᠤᠪᠴᠠᠰᠥᠨ ᠳᠡᠯᠭᠡᠬᠦᠷ ᠢᠶᠠᠨ ᠡᠵᠡᠩᠨᠡᠪᠡ᠃      ᠥᠢᠯᠡᠰ ᠤᠨ ᠬᠡᠪᠴᠢᠶ᠎ᠡ ᠨᠢ ᠠᠭᠠᠵᠢᠮ ᠢᠶᠠᠷ ᠦᠷᠭᠡᠳᠬᠦ ᠶᠢ ᠳᠠᠭᠠᠯᠳᠥᠨ᠂ ᠳᠡᠷᠡ 2014 ᠤᠨ ᠳᠤ ᠡᠮᠥᠨᠡᠳᠥ ᠬᠤᠰᠢᠭᠤᠨ ᠤ ᠬᠤᠷᠴᠢᠨ ᠪᠠᠯᠭᠠᠰᠥᠨ ᠳᠤ ︽ᠵᠠᠰᠠᠭᠳᠥ ᠦᠨᠳᠥᠰᠥᠳᠡᠨ ᠤ ᠬᠤᠪᠴᠠᠰᠥ ᠵᠠᠰᠠᠯ ᠤᠨ ᠳᠡᠯᠭᠡᠬᠦᠷ︾ ᠢᠶᠠᠨ ᠨᠡᠭᠡᠭᠡᠭᠰᠡᠨ ᠪᠠᠶᠢᠨ᠎ᠠ᠃ ᠤᠳᠥ ᠳᠡᠬᠦᠨ ᠤ ᠳᠡᠯᠭᠡᠬᠦᠷ ᠲᠤᠨᠢ ᠨᠡᠶᠢᠳᠡ 8 ᠠᠵᠢᠯᠳᠠᠨ ᠪᠤᠢ᠂ ᠪᠦᠰ ᠡᠰᠭᠡᠬᠦ᠂ ᠲᠤᠪᠴᠢ ᠬᠠᠳᠠᠬᠤ᠂ ᠵᠠᠰᠠᠯ ᠵᠢᠮᠰᠡᠭ ᠤᠨ ᠡᠳ᠋ ᠬᠢᠬᠦ᠂ ᠬᠤᠪᠴᠠᠰᠥ ᠤᠶᠤᠬᠤ᠂ ᠰᠢᠭᠤᠳ ᠨᠡᠪᠳᠡᠷᠡᠬᠦᠯᠭᠡ ᠬᠢᠬᠦ ᠬᠡᠬᠦ ᠮᠡᠳᠥ ᠪᠠᠷ ᠦᠪᠡᠷ ᠦᠪᠡᠷ ᠤᠨ ᠠᠵᠢᠯ ᠤᠨ ᠬᠤᠪᠢᠶᠠᠷᠢᠯᠠᠯ ᠲᠠᠢ ᠪᠦᠭᠡᠳ ᠠᠵᠢᠯᠳᠠᠨ ᠨᠢᠭᠡᠪᠤᠷᠢ ᠡᠳᠥᠷᠵᠢᠨ ᠤᠨᠠᠭᠰᠠᠨ ᠮᠠᠯᠠᠭᠠᠢ ᠪᠠᠨ ᠠᠪᠬᠤ ᠵᠠᠪ ᠦᠬᠡᠢ ᠶᠠᠭᠠᠷᠠᠯᠳᠠᠢ ᠠᠵᠢᠯᠯᠠᠵᠤ ᠪᠠᠶᠢᠳᠠᠭ᠃      ᠶᠠᠨ ᠰᠢᠶᠥᠥ ᠵᠢᠶᠧ ᠶᠢᠨ ᠳᠡᠯᠭᠡᠬᠦᠷ ᠤᠨ ᠬᠢᠵᠤ ᠪᠤᠷᠤᠯᠠᠭᠤᠯᠵᠤ ᠪᠠᠶᠢᠭ᠎ᠠ ᠮᠤᠩᠭᠤᠯ ᠬᠤᠪᠴᠠᠰᠥ ᠨᠢ ᠤᠯᠠᠮᠵᠢᠯᠠᠯᠳᠥ ᠬᠤᠪᠴᠠᠰᠥ ᠵᠠᠰᠠᠯ ᠤᠨ ᠤᠨᠴᠠᠯᠢᠭ ᠪᠤᠯᠤᠨ ᠤᠳᠥ ᠦᠶ᠎ᠡ ᠶᠢᠨ ᠬᠤᠪᠴᠠᠰᠥ ᠵᠠᠰᠠᠯ ᠤᠨ ᠬᠡᠪ ᠨᠠᠮᠪᠠ ᠶᠢ ᠤᠶᠠᠯᠳᠤᠭᠤᠯᠤᠭᠰᠠᠨ ᠪᠠᠶᠢᠵᠤ᠂ ᠶᠠᠩᠵᠤ ᠬᠡᠯᠪᠡᠷᠢ ᠨᠢ ᠭᠤᠶᠤ ᠰᠠᠶᠢᠬᠠᠨ᠂ ᠦᠨ᠎ᠡ ᠬᠠᠨᠭ᠍ᠰᠢ ᠨᠢ ᠳᠤᠬᠢᠷᠠᠮᠵᠢᠳᠠᠢ᠂ ᠶᠠᠰᠥ ᠴᠢᠨᠠᠷ ᠨᠢ ᠰᠠᠶᠢᠨ ᠵᠡᠷᠭᠡ ᠤᠨᠴᠠᠯᠢᠭ ᠢᠶᠠᠷ ᠢᠶᠠᠨ ᠤᠯᠠᠨ ᠬᠡᠷᠡᠭᠯᠡᠭᠴᠢᠳ ᠤᠨ ᠳᠠᠭᠠᠰᠢᠶᠠᠯ ᠢ ᠤᠯᠵᠠᠢ᠃ ᠲᠡᠬᠦᠨ ᠤ ᠲᠡᠯᠭᠡᠬᠦᠷ ᠤᠨ ᠦᠨᠳᠤᠰᠤᠳᠡᠨ ᠤ ᠬᠤᠪᠴᠠᠰᠤ ᠶᠢ ᠤᠶᠢᠷ᠎ᠠ ᠬᠠᠪᠢ ᠶᠢᠨ ᠬᠦᠳᠡᠭᠡ ᠲᠤᠰᠬᠤᠨ ᠬᠤᠳᠠ ᠪᠠᠯᠭᠠᠰᠥᠨ ᠠᠴᠠ ᠬᠤᠯᠠ ᠪᠡᠭᠡᠵᠢᠩ᠂ ᠱᠠᠩᠬᠠᠢ᠂ ᠲᠢᠶᠠᠨᠵᠢᠨ ᠵᠡᠷᠭᠡ ᠭᠠᠵᠠᠷ ᠬᠦᠷᠳᠡᠯᠡᠬᠢ ᠵᠠᠬᠢᠶᠠᠯᠠᠭ᠎ᠠ ᠮᠠᠰᠢ ᠤᠯᠠᠨ ᠪᠠᠶᠢᠳᠠᠭ᠃      ︽ᠤᠶᠢᠷ᠎ᠠ ᠶᠢᠨ ᠬᠤᠶᠠᠷ ᠵᠢᠯ ᠳᠤ᠂ ᠮᠠᠨ ᠤ ᠳᠡᠯᠭᠡᠬᠦᠷ ᠠᠴᠠ ᠤᠷᠤᠭ ᠬᠤᠷᠢᠮ ᠤᠨ ᠬᠤᠪᠴᠠᠰᠥ᠂ ᠦᠨᠳᠥᠰᠥᠳᠡᠨ ᠤ ᠤᠨᠴᠠᠯᠢᠭ ᠲᠠᠢ ᠰᠤᠷᠭᠠᠭᠤᠯᠢ ᠶᠢᠨ ᠬᠤᠪᠴᠠᠰᠥ᠂ ᠨᠠᠶᠢᠷ ᠨᠠᠭᠠᠳᠥᠮ ᠳᠤ ᠡᠮᠥᠰᠳᠡᠭ ᠮᠤᠩᠭᠤᠯ ᠬᠤᠪᠴᠠᠰᠥ ᠵᠡᠷᠭᠡ ᠶᠢ ᠤᠶᠤᠭᠤᠯᠬᠤ ᠪᠠᠷ ᠢᠷᠡᠳᠡᠭ ᠬᠦᠮᠥᠰ ᠤᠯᠠᠮ ᠤᠯᠠᠰᠢᠷᠠᠯ᠎ᠠ᠂ ᠶᠠᠭᠠᠷᠠᠥ ᠦᠶ᠎ᠡ ᠳᠤ ᠪᠢᠳᠡ ᠠᠷᠪᠠᠭᠠᠳ ᠲᠦᠷ ᠴᠠᠭ ᠤᠨ ᠠᠵᠢᠯᠳᠠᠨ ᠵᠠᠷᠤᠳᠠᠭ ᠪᠦᠭᠡᠳ ᠴᠠᠭ ᠨᠡᠮᠡᠵᠤ ᠠᠵᠢᠯᠯᠠᠳᠠᠭ᠃ ᠳᠠᠷᠠᠭᠠᠴᠢ ᠪᠠᠷ ᠪᠢᠳᠡ ᠰᠦᠯᠵᠢᠶᠡᠨ ᠳᠡᠯᠭᠡᠬᠦᠷ ᠡᠵᠡᠩᠨᠡᠬᠦ᠂ ᠰᠢᠭᠤᠳ ᠨᠡᠪᠳᠡᠷᠡᠬᠦᠯᠭᠡ ᠬᠢᠬᠦ ᠳᠡᠭᠡᠷ᠎ᠡ ᠬᠦᠴᠥ ᠵᠠᠷᠤᠴᠠᠭᠤᠯᠥᠨ᠂ ᠪᠦᠬᠦ ᠤᠯᠤᠰ ᠤᠨ ᠡᠯ᠎ᠡ ᠭᠠᠵᠠᠷ ᠤᠨ ᠬᠦᠮᠥᠰ ᠲᠤ ᠮᠠᠨ ᠤ ᠦᠨᠳᠥᠰᠥᠳᠡᠨ ᠤ ᠬᠤᠪᠴᠠᠰᠥ ᠵᠠᠰᠠᠯ ᠢᠶᠠᠨ ᠲᠠᠨᠢᠭᠤᠯᠤᠶ᠎ᠡ ᠭᠡᠵᠤ ᠪᠤᠳᠤᠵᠤ ᠪᠤᠢ︾ ᠭᠡᠵᠤ ᠶᠠᠨ ᠰᠢᠶᠥᠥ ᠵᠢᠶᠧ ᠰᠤᠷᠪᠤᠯᠵᠢᠯᠠᠭᠴᠢ ᠳᠤ ᠬᠡᠯᠡᠪᠡ᠃      ᠤᠯᠠᠨ ᠵᠢᠯ ᠤᠨ ᠳᠤᠷᠰᠢ᠂ ᠶᠠᠨ ᠰᠢᠶᠥᠥ ᠵᠢᠶᠧ ᠦᠪᠡᠷ ᠤᠨ ᠳᠤᠷᠠᠳᠠᠢ ᠥᠢᠯᠡᠰ ᠢᠶᠠᠨ ᠦᠭᠡᠳᠡ ᠲᠠᠢ ᠰᠠᠶᠢᠬᠠᠨ ᠠᠪᠴᠤ ᠶᠠᠪᠤᠬᠤ ᠶᠢᠨ ᠵᠡᠷᠭᠡᠪᠠᠷ ᠳᠡᠯᠭᠡᠬᠦᠷ ᠲᠡᠭᠡᠨ ᠤᠷᠢᠵᠤ ᠬᠡᠷᠡᠭᠯᠡᠵᠤ ᠪᠠᠶᠢᠭ᠎ᠠ 8 ᠠᠵᠢᠯᠳᠠᠨ ᠢᠶᠠᠨ ᠭᠡᠷ ᠤᠨ ᠬᠦᠮᠥᠰ ᠢᠶᠠᠨ ᠰᠢᠭ ᠳᠤᠳᠤᠨᠤᠴᠢᠯᠠᠨ ᠬᠠᠯᠠᠮᠵᠢᠯᠠᠳᠠᠭ᠃ ︽ᠪᠢ ᠶᠠᠨ ᠡᠭᠡᠴᠢ ᠶᠢᠨ ᠳᠡᠯᠭᠡᠬᠦᠷ ᠲᠤ ᠳᠤᠪᠴᠢ ᠬᠠᠳᠠᠬᠤ ᠠᠵᠢᠯ ᠢ ᠬᠢᠭᠡᠳ ᠨᠢᠭᠡᠨᠳᠡ 3 ᠵᠢᠯ ᠪᠤᠯᠵᠤ ᠪᠤᠢ᠂ ᠶᠠᠨ ᠡᠭᠡᠴᠢ ᠮᠠᠨ ᠤ ᠬᠡᠳᠥᠬᠦᠯᠡ ᠶᠢ ᠤᠨᠴᠠᠭᠠᠶᠢᠯᠠᠨ ᠬᠠᠪᠰᠤᠷᠴᠤ ᠳᠡᠮᠵᠢᠳᠡᠭ᠂ ᠠᠵᠢᠯ ᠶᠠᠭᠠᠷᠠᠥ ᠦᠶᠡᠰ ᠪᠢᠳᠡ ᠴᠠᠭ ᠨᠡᠮᠡᠵᠤ ᠠᠵᠢᠯᠯᠠᠪᠠᠯ ᠪᠢᠳᠡᠨ ᠢ ᠨᠢᠭᠡᠳ ᠨᠢᠭᠡ ᠪᠠᠷ ᠭᠡᠷ ᠲᠤ ᠬᠦᠷᠭᠡᠳᠡᠭ᠂ ᠪᠠᠶᠠᠷ ᠳᠤᠷᠠᠰᠬᠠᠯ ᠤᠨ ᠡᠳᠥᠷ ᠪᠤᠯᠪᠠᠯ ᠪᠢᠳᠡᠨ ᠳᠤ ᠭᠤᠯᠢᠷ ᠲᠤᠰᠥ ᠬᠦᠷᠭᠡᠵᠤ ᠮᠠᠨᠥᠰ ᠢ ᠬᠠᠯᠠᠮᠵᠢᠯᠠᠳᠠᠭ᠃ ᠶᠠᠨ ᠡᠭᠡᠴᠢ ᠶᠢᠨ ᠰᠠᠶᠢᠨ ᠢᠶᠠᠷ ᠪᠢ ᠨᠢᠭᠡ ᠬᠤᠪᠢ ᠳᠤᠭᠳᠠᠭᠰᠠᠨ ᠠᠵᠢᠯ ᠤᠯᠵᠤ ᠬᠢᠵᠡᠢ᠂ ᠬᠤᠶᠢᠰᠢᠳᠡ ᠬᠠᠷᠢᠭᠤᠴᠠᠵᠤ ᠪᠠᠶᠢᠭ᠎ᠠ ᠠᠵᠢᠯ ᠢᠶᠠᠨ ᠨᠡᠩ ᠰᠠᠶᠢᠨ ᠬᠢᠶ᠎ᠡ︾ ᠭᠡᠵᠤ ᠠᠵᠢᠯᠴᠢᠨ ᠸᠠᠩ ᠰᠢ ᠮᠸᠢ ᠰᠡᠳᠬᠢᠯ ᠳᠤᠭᠳᠤᠯᠥᠨ ᠬᠡᠯᠡᠪᠡ᠃      ᠶᠠᠨ ᠰᠢᠶᠥᠥ ᠵᠢᠶᠧ 2022 ᠤᠨ ᠳᠤ ᠬᠤᠰᠢᠭᠤᠨ ᠳᠡᠰ ᠤᠨ ᠪᠤᠳᠠᠰ ᠤᠨ ᠪᠤᠰᠥ ᠰᠤᠶᠤᠯ ᠤᠨ ᠦᠪ ᠤᠨ ᠮᠤᠩᠭᠤᠯ ᠬᠤᠪᠴᠠᠰᠥ ᠵᠠᠰᠠᠯ ᠤᠨ ᠲᠦᠯᠥᠭᠡᠯᠡᠭᠴᠢ ᠴᠢᠨᠠᠷᠳᠠᠢ ᠦᠪᠯᠡᠨ ᠤᠯᠠᠮᠵᠢᠯᠠᠭᠴᠢ ᠪᠠᠷ ᠦᠨᠡᠯᠡᠭᠳᠡᠪᠡ᠃ ᠡ᠊ᠨᠡᠬᠦ ᠢᠷᠠᠭᠤ ᠠᠯᠳᠠᠷ ᠢ ᠬᠦᠷᠳᠡᠭᠰᠡᠨ ᠠᠴᠠ ᠨᠠᠭᠠᠰᠢ᠂ ᠳᠡᠷᠡ ᠨᠡᠩ ᠴᠤ ᠨᠢᠭᠡ ᠰᠡᠳᠬᠢᠯ ᠭᠠᠭᠴᠠ ᠵᠤᠷᠢᠭ ᠢᠶᠠᠨ ᠦᠨᠥ ᠥᠢᠯᠡᠰ ᠢᠶᠠᠨ ᠰᠠᠶᠢᠬᠠᠨ ᠡᠷᠬᠢᠯᠡᠬᠦ ᠪᠠᠷ ᠴᠢᠷᠮᠠᠶᠢᠵᠠᠢ᠃ ᠡᠮᠥᠨ᠎ᠡ ᠬᠤᠶᠠᠷ ᠵᠢᠯ᠂ ᠳᠡᠷᠡ ᠤᠶᠢᠷ᠎ᠠ ᠬᠠᠪᠢ ᠶᠢᠨ ᠬᠦᠳᠡᠭᠡ ᠲᠤᠰᠬᠤᠨ ᠤ ᠪᠦᠰᠡᠭᠦᠶᠢᠴᠦᠳ ᠢ ᠵᠤᠬᠢᠶᠠᠨ ᠪᠠᠶᠢᠭᠤᠯᠥᠨ᠂ ᠵᠠᠰᠠᠯ ᠵᠢᠮᠰᠡᠭ ᠤᠨ ᠡᠳ᠋ ᠬᠢᠬᠦ ᠮᠡᠷᠭᠡᠵᠢᠯ ᠢ ᠵᠢᠭᠠᠵᠤ ᠦᠭᠬᠦᠨ᠂ ᠳᠡᠳᠡᠨ ᠳᠤ ᠵᠠᠬᠢᠶᠠᠯᠠᠭ᠎ᠠ ᠳᠤᠰᠢᠶᠠᠵᠤ᠂ ᠬᠢᠭᠰᠡᠨ ᠪᠦᠳᠥᠭᠡᠭᠳᠡᠬᠦᠨ ᠢ ᠨᠢ ᠨᠢᠭᠡᠳᠥᠯᠳᠡᠢ ᠬᠤᠷᠢᠶᠠᠨ ᠠᠪᠴᠤ ᠬᠦᠯᠥᠰᠥ ᠤᠯᠭᠤᠮᠵᠢ ᠦᠭᠳᠡᠭ ᠪᠤᠯᠪᠠ᠃ ︽ᠡ᠊ᠨᠡ ᠵᠢᠯ᠂ ᠪᠢᠳᠡ ᠨᠡᠩ ᠤᠯᠠᠨ ᠬᠦᠳᠡᠭᠡ ᠲᠤᠰᠬᠤᠨ ᠤ ᠪᠦᠰᠡᠭᠦᠶᠢᠴᠦᠳ ᠢ ᠵᠤᠬᠢᠶᠠᠨ ᠪᠠᠶᠢᠭᠤᠯᠥᠨ᠂ ᠦᠨᠳᠥᠰᠥᠳᠡᠨ ᠤ ᠤᠨᠴᠠᠯᠢᠭ ᠲᠠᠢ ᠵᠠᠰᠠᠯ ᠵᠢᠮᠰᠡᠭ ᠤᠨ ᠡᠳ᠋ ᠢ ᠶᠡᠭᠡ ᠬᠡᠮᠵᠢᠶ᠎ᠡ ᠪᠠᠷ ᠪᠤᠷᠤᠯᠠᠭᠤᠯᠬᠤ ᠪᠦᠭᠡᠳ ᠬᠡᠯᠪᠡᠷᠢ ᠶᠠᠩᠵᠤ ᠶᠢ ᠨᠢ ᠰᠢᠨᠡᠳᠭᠡᠨ᠂ ᠰᠢᠭᠤᠳ ᠨᠡᠪᠳᠡᠷᠡᠬᠦᠯᠭᠡ ᠪᠤᠯᠤᠨ ᠰᠦᠯᠵᠢᠶᠡᠨ ᠳᠡᠯᠭᠡᠬᠦᠷ ᠢᠶᠠᠷ ᠳᠠᠮᠵᠢᠨ ᠪᠤᠷᠤᠯᠠᠭᠤᠯᠬᠤ ᠰᠠᠨᠠᠭ᠎ᠠ ᠲᠠᠢ᠃ ᠡᠶᠢᠮᠥᠷᠬᠦᠤ ᠬᠡᠯᠪᠡᠷᠢ ᠪᠠᠷ ᠳᠠᠮᠵᠢᠨ ᠬᠦᠳᠡᠭᠡ ᠲᠤᠰᠬᠤᠨ ᠤ ᠪᠦᠰᠡᠭᠦᠶᠢᠴᠦᠳ ᠤᠨ ᠰᠡᠯᠡᠬᠦᠥ ᠴᠠᠭ ᠢᠶᠠᠨ ᠠᠰᠢᠭᠯᠠᠨ ᠤᠷᠤᠯᠭ᠎ᠠ ᠪᠠᠨ ᠨᠡᠮᠡᠭᠳᠡᠬᠦᠯᠬᠦ ᠵᠠᠮ ᠢ ᠦᠷᠭᠡᠳᠭᠡᠬᠦ ᠪᠤᠯᠤᠨ᠎ᠠ︾ ᠭᠡᠵᠤ ᠶᠠᠨ ᠰᠢᠶᠥᠥ ᠵᠢᠶᠧ ᠰᠤᠷᠪᠤᠯᠵᠢᠯᠠᠭᠴᠢ ᠳᠤ ᠬᠡᠯᠡᠪᠡ᠃
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号