ᠪᠤᠤ ᠶᠢᠨ ᠢᠤᠢ ᠨᠠᠰᠦᠳᠠᠨ ᠤ ᠵᠢᠷᠭᠠᠯᠳᠤ ᠠᠮᠢᠳᠦᠷᠠᠯ
ᠨᠡᠶᠢᠲᠡᠯᠡᠭᠰᠡᠨ ᠴᠠᠭ᠄
2025/4/1
               ● ᠰᠤᠷᠪᠤᠯᠵᠢᠯᠠᠬᠴᠢ ᠡᠤ ᠰᠡᠷᠬᠦᠯᠡᠩ      ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ ᠵᠠᠰᠠᠬᠳᠤ ᠨᠡᠶᠢᠬᠡᠮ ᠲᠤᠭᠤᠷᠢᠭ ᠤᠨ ᠬᠦᠳᠡᠯᠬᠡᠬᠡᠨ ᠤ ᠦᠷᠦᠬᠡᠨ ᠳᠤ᠂ ᠡᠳᠦᠷ ᠪᠦᠷᠢ ᠶᠢᠨ ᠦᠳᠡ ᠶᠢᠨ ᠡᠮᠦᠨ᠎ᠡ᠂ ᠭᠤᠴᠢᠭᠠᠳ ᠨᠠᠰᠦᠳᠠᠨ ᠲᠦᠷᠪᠡᠨ ᠤᠳᠠᠰᠤᠳᠤ ᠬᠤᠭᠤᠷ ᠬᠦᠭᠵᠢᠮᠳᠡᠨ᠂ ᠲᠠᠭᠤᠤ ᠲᠠᠭᠤᠯᠠᠵᠠᠭᠠᠵᠦ᠂ ᠪᠦᠵᠢᠭ ᠪᠦᠵᠢᠭᠯᠡᠨ ᠬᠦᠷ ᠨᠠᠶᠢᠷ ᠢᠶᠠᠷ ᠪᠢᠯᠬᠠᠵᠦ ᠪᠠᠶᠢᠳᠠᠭ᠃ ᠡᠳᠡᠭᠡᠷ ᠬᠦᠮᠦᠰ ᠤᠨ ᠲᠤᠮᠳᠠ᠂ ᠠᠳᠤᠷᠢᠭᠤᠯᠤᠬᠰᠠᠨ ᠬᠡᠵᠢᠬᠡ ᠲᠠᠢ᠂ ᠲᠤᠮᠳᠠ ᠶᠢᠨ ᠪᠡᠶ᠎ᠡ ᠲᠠᠢ᠂ ᠨᠢᠳᠦᠨ ᠰᠢᠯ ᠵᠡᠬᠦᠭᠰᠡᠨ ᠡᠯᠢᠬᠡᠰᠡᠭ ᠲᠤᠳᠤᠨᠤᠰᠤᠭ ᠨᠢᠬᠡᠨ ᠨᠠᠰᠦᠳᠠᠨ ᠪᠠᠶᠢᠳᠠᠭ᠃ ᠨᠠᠰᠦᠳᠠᠨ ᠤ ᠨᠡᠷ᠎ᠡ ᠶᠢ ᠪᠤᠤ ᠶᠢᠨ ᠢᠤᠢ ᠬᠡᠳᠡᠭ᠃ ᠲᠡᠷᠡ ᠡᠪᠦᠬᠡᠨ ᠲᠠᠢ ᠪᠠᠨ ᠬᠤᠶᠠᠭᠤᠯᠠ ᠠᠵᠢᠯ ᠠᠴᠠ ᠪᠠᠨ ᠠᠮᠠᠷᠠᠭᠠᠳ᠂ ᠡᠳᠦᠷ ᠪᠦᠷᠢ ᠡ᠊ᠨᠳᠡ ᠢᠷᠡᠵᠦ᠂ ᠤᠯᠠᠨ ᠲᠠᠢ ᠬᠠᠮᠳᠤ ᠨᠠᠶᠢᠷᠠᠯᠳᠤᠨ᠂ ᠦᠳᠡᠯᠦᠬᠡ ᠨᠠᠰᠦ ᠪᠠᠨ ᠪᠠᠶᠠᠷ ᠬᠦᠷ ᠵᠤᠯ ᠵᠢᠷᠭᠠᠯ ᠲᠠᠢ ᠦᠡᠭᠭᠡᠷᠡᠬᠦᠯᠵᠦ ᠶᠠᠪᠤᠨ᠎ᠡ᠃      ᠪᠤᠤ ᠶᠢᠨ ᠢᠤᠢ ᠨᠠᠰᠦᠳᠠᠨ ᠪᠤᠯ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ ᠬᠦᠢᠯᠡᠷ ᠪᠠᠯᠭᠠᠰᠦ ᠶᠢᠨ ᠮᠠᠨᠳᠤᠬᠤ ᠭᠠᠴᠠᠭ᠎ᠠ ᠪᠠᠷ ᠨᠤᠳᠤᠬᠳᠠᠢ᠃ ᠲᠡᠷᠡ ᠮᠠᠨᠳᠤᠬᠤ ᠭᠠᠴᠠᠭᠠᠨ ᠤ ᠪᠠᠭ᠎ᠠ ᠰᠤᠷᠭᠠᠭᠤᠯᠢ ᠳᠤ 28 ᠵᠢᠯ ᠪᠠᠭᠰᠢᠯᠠᠵᠦ᠂ 2005 ᠤᠨ ᠳᠤ ᠠᠵᠢᠯ ᠠᠴᠠ ᠪᠠᠨ ᠠᠮᠠᠷᠠᠬᠰᠠᠨ ᠤ ᠲᠠᠷᠠᠭ᠎ᠠ᠂ ᠡᠪᠦᠬᠡᠨ ᠲᠠᠢ ᠪᠠᠨ ᠬᠠᠮᠳᠤ ᠬᠡᠷᠬᠢᠨ ᠦᠳᠡᠯᠦᠬᠡ ᠨᠠᠰᠦ ᠪᠠᠨ ᠤᠳᠬ᠎ᠠ ᠠᠭᠤᠯᠭ᠎ᠠ ᠲᠠᠢ ᠦᠡᠭᠭᠡᠷᠡᠬᠦᠯᠬᠦ ᠪᠢᠯᠡ ᠬᠡᠵᠦ ᠪᠤᠳᠤᠵᠦ᠂ ᠰᠡᠬᠦᠯᠡᠷ ᠨᠢ ᠪᠡᠶ᠎ᠠ ᠮᠠᠬᠠᠪᠦᠳ ᠢᠶᠠᠨ ᠪᠤᠯᠪᠠᠰᠦᠷᠠᠭᠤᠯᠬᠤ ᠶᠢᠨ ᠲᠠᠭᠠᠤ ᠰᠡᠳᠬᠢᠯ ᠢᠶᠠᠨ ᠪᠠᠶᠠᠰᠬᠠᠬᠤ ᠬᠡᠳ 2007 ᠠᠴᠠ ᠡᠬᠢᠯᠡᠨ᠂ ᠡᠬᠦᠳᠡᠨ ᠪᠦᠮᠪᠦᠭᠡ ᠨᠠᠭᠠᠳᠤᠬᠰᠠᠨ ᠪᠦᠭᠡᠳ ᠲᠢᠶᠠᠨᠵᠢᠨ ᠬᠤᠳᠠ᠂ ᠾᠧᠪᠸᠢ ᠮᠤᠵᠢ᠂ ᠬᠠᠷᠠᠮᠦ᠋ᠷᠡᠨ ᠮᠤᠵᠢ ᠬᠦᠷᠳᠡᠯ᠎ᠡ ᠤᠷᠤᠯᠳᠤᠭᠠᠨ ᠳᠤ ᠤᠷᠤᠯᠴᠠᠵᠦ ᠬᠢᠯᠠᠷᠠᠭᠤᠯᠵᠦ ᠶᠠᠪᠤᠵᠠᠢ᠃ ᠲᠡᠷᠡ ᠬᠤᠶᠠᠭᠤᠯᠠ ᠡᠬᠦᠳᠡᠨ ᠪᠦᠮᠪᠦᠭᠡ ᠠᠷᠪᠠᠭᠠᠳ ᠵᠢᠯ ᠨᠠᠭᠠᠳᠤᠭᠠᠳ ᠲᠠᠬᠢᠨ ᠨᠢᠳᠦᠨ ᠬᠠᠷᠠᠭ᠎ᠠ ᠪᠠᠨ ᠰᠠᠶᠢᠵᠢᠷᠠᠭᠤᠯᠤᠶ᠎ᠠ ᠬᠡᠳ ᠠᠭᠤᠳᠠᠮ ᠲᠠᠯᠠᠪᠠᠢ ᠳᠤ ᠴᠠᠭᠠᠰᠤᠨ ᠰᠢᠪᠠᠭᠤ ᠨᠠᠭᠠᠳᠦᠵᠦ ᠡᠬᠢᠯᠡᠪᠡ᠃ 2017 ᠤᠨ ᠤ 7 ᠰᠠᠷ᠎ᠠ ᠳᠤ᠂ ᠲᠠᠭᠤᠤ ᠲᠠᠭᠤᠯᠠᠵᠦ᠂ ᠪᠦᠵᠢᠭ ᠪᠦᠵᠢᠭᠯᠡᠨ᠂ ᠤᠯᠠᠨ ᠨᠠᠶᠢᠵᠠ ᠨᠦᠬᠦᠳ ᠲᠠᠢ ᠲᠠᠨᠢᠯᠴᠠᠶ᠎ᠠ ᠬᠡᠳ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ ᠲᠦᠷᠪᠡᠨ ᠤᠳᠠᠰᠤᠳᠤ ᠬᠤᠭᠤᠷ ᠤᠨ ᠨᠡᠶᠢᠬᠡᠮᠯᠢᠭ ᠤᠨ ᠵᠠᠰᠠᠬᠳᠤ ᠬᠤᠪᠢᠶᠠᠷᠢ ᠨᠡᠶᠢᠬᠡᠮᠯᠢᠭ ᠲᠤ ᠭᠤᠶᠤᠴᠢᠯᠠᠨ ᠨᠡᠷ᠎ᠡ ᠮᠡᠳᠡᠬᠦᠯᠵᠦ᠂ ᠨᠡᠶᠢᠬᠡᠮᠯᠢᠭ ᠤᠨ ᠭᠤᠴᠢᠭᠠᠳ ᠬᠡᠰᠢᠬᠦᠨ ᠲᠠᠢ ᠪᠠᠨ ᠬᠠᠮᠳᠤ ᠲᠦᠷᠪᠡᠨ ᠤᠳᠠᠰᠤᠳᠤ ᠬᠤᠭᠤᠷ ᠬᠦᠭᠵᠢᠮᠳᠡᠨ᠂ ᠲᠠᠭᠤᠤ ᠲᠠᠭᠤᠯᠠᠵᠦ᠂ ᠬᠤᠯᠪᠤᠭ᠎ᠠ ᠬᠡᠯᠡᠵᠦ ᠡᠳᠦᠷ ᠪᠦᠷᠢ ᠶᠢ ᠪᠠᠶᠠᠷ ᠪᠠᠶᠠᠰᠦᠯᠳᠡᠢ ᠦᠡᠭᠭᠡᠷᠡᠬᠦᠯᠬᠦ ᠪᠤᠯᠪᠠ᠃      ᠪᠤᠤ ᠶᠢᠨ ᠢᠤᠢ ᠨᠠᠰᠦᠳᠠᠨ ᠡᠨᠡ ᠵᠢᠯ ᠲᠠᠯᠠᠨ ᠵᠢᠷᠭᠤᠭᠠᠳᠠᠢ᠂ ᠡᠪᠦᠬᠡᠨ ᠨᠢ ᠲᠠᠯᠠ ᠵᠢᠰᠦᠳᠡᠢ ᠪᠤᠯᠪᠠᠴᠦ ᠬᠤᠶᠠᠭᠤᠯᠠ ᠪᠠᠨ ᠵᠠᠯᠠᠭᠤ ᠬᠦᠮᠦᠨ ᠠᠳᠠᠯᠢ ᠴᠤᠭ ᠵᠢᠪᠬᠤᠭ᠎ᠠ ᠲᠠᠢ ᠬᠠᠷᠠᠭᠳᠠᠵᠦ ᠪᠠᠶᠢᠯ᠎ᠠ᠃ ᠤᠶᠢᠷ᠎ᠠ ᠶᠢᠨ ᠬᠡᠳᠦᠨ ᠵᠢᠯ᠂ ᠲᠡᠳᠡ ᠬᠤᠶᠠᠭᠤᠯᠠ ᠪᠠᠨ ᠡᠳᠦᠷ ᠪᠦᠷᠢ ᠶᠢᠨ ᠦᠳᠡ ᠶᠢᠨ ᠡᠮᠦᠨ᠎ᠡ ᠵᠠᠰᠠᠬᠳᠤ ᠨᠡᠶᠢᠬᠡᠮ ᠲᠤᠭᠤᠷᠢᠭ ᠤᠨ ᠬᠦᠳᠡᠯᠬᠡᠬᠡᠨ ᠤ ᠦᠷᠦᠬᠡᠨ ᠳᠤ ᠲᠦᠷᠪᠡᠨ ᠤᠳᠠᠰᠤᠳᠤ ᠬᠤᠭᠤᠷ ᠤᠨ ᠨᠡᠶᠢᠬᠡᠮᠯᠢᠭ ᠤᠨ ᠬᠡᠰᠢᠬᠦᠳ ᠲᠠᠢ ᠬᠠᠮᠳᠤ ᠬᠤᠭᠤᠷ ᠲᠠᠳᠠᠵᠦ᠂ ᠬᠤᠯᠪᠤᠭ᠎ᠠ ᠬᠡᠯᠡᠵᠦ ᠰᠡᠳᠬᠢᠯ ᠢᠶᠠᠨ ᠪᠠᠶᠠᠰᠬᠠᠵᠦ ᠪᠠᠶᠢᠳᠠᠭ᠃      ᠪᠤᠤ ᠶᠢᠨ ᠢᠤᠢ᠄ ︽ᠬᠦᠮᠦᠨ ᠴᠢᠨᠢ ᠦᠳᠡᠯᠵᠡᠢ ᠬᠡᠳ ᠬᠤᠶᠢᠰᠢ ᠤᠬᠤᠷᠢᠵᠦ ᠪᠤᠯᠬᠤ ᠦᠬᠡᠢ᠃ ᠨᠡᠩ ᠴᠤ ᠡᠳᠦᠷᠵᠢᠨ ᠬᠡᠷ ᠲᠡᠭᠡᠨ ᠰᠠᠭᠤᠵᠦ ᠪᠤᠯᠬᠤ ᠦᠬᠡᠢ᠃ ᠭᠠᠳᠠᠨ᠎ᠠ ᠭᠠᠷᠴᠦ ᠪᠡᠶ᠎ᠡ ᠮᠠᠬᠠᠪᠦᠳ ᠢᠶᠠᠨ ᠪᠤᠯᠪᠠᠰᠦᠷᠠᠭᠤᠯᠤᠨ᠂ ᠪᠤᠰᠤᠳ ᠲᠠᠢ ᠢᠯᠡᠬᠦᠦ ᠬᠠᠷᠢᠯᠴᠠᠪᠠᠯ᠂ ᠰᠡᠳᠬᠢᠯ ᠰᠠᠨᠠᠭ᠎ᠠ ᠠᠭᠤᠵᠢᠷᠠᠨ᠂ ᠶᠠᠪᠤᠵᠦ ᠰᠠᠭᠤᠬᠤ ᠳᠤ ᠴᠤ ᠬᠦᠡᠭᠭᠡᠨ ᠪᠤᠯᠴᠢᠬᠠᠨ᠎ᠠ︕︾ ᠬᠡᠵᠦ ᠶᠠᠷᠢᠵᠦ ᠪᠠᠶᠢᠪᠠ᠃      2018 ᠤᠨ ᠳᠤ᠂ ᠪᠤᠤ ᠶᠢᠨ ᠢᠤᠢ ᠨᠠᠰᠦᠳᠠᠨ ᠡᠪᠦᠬᠡᠨ ᠲᠠᠢ ᠪᠠᠨ ᠬᠤᠶᠠᠭᠤᠯᠠ ︽ᠵᠠᠰᠠᠬᠳᠤ ᠶᠢᠨ ᠮᠠᠬᠳᠠᠭᠠᠯ︾ ᠬᠡᠬᠦ ᠠᠷᠪᠠᠨ ᠨᠠᠢᠮᠠᠨ ᠪᠠᠳᠠᠭ ᠬᠤᠯᠪᠤᠭ᠎ᠠ ᠶᠢᠨ ᠦᠬᠡ ᠶᠢᠨ ᠬᠦᠨ ᠤᠳᠬ᠎ᠠ ᠶᠢ ᠪᠢᠰᠢᠷᠡᠨ ᠪᠠᠭ᠋ᠠᠷᠬᠠᠵᠦ᠂ ᠵᠠᠪᠠᠯ ᠡᠨᠡ ᠬᠤᠯᠪᠤᠭ᠎ᠠ ᠶᠢ ᠴᠡᠭᠡᠵᠢᠯᠡᠵᠦ᠂ ᠬᠤᠶᠠᠭᠤᠯᠠ ᠰᠠᠶᠢᠬᠠᠨ ᠬᠡᠯᠡᠶ᠎ᠡ ᠬᠡᠳ ᠵᠤᠷᠢᠭ ᠰᠢᠭᠤᠳᠴᠠᠢ᠃ ᠨᠠᠶᠠ ᠶᠢᠨ ᠲᠠᠪᠠᠭ᠎ᠠ ᠶᠢ ᠲᠦᠬᠦᠵᠦ ᠶᠠᠪᠤᠭ᠎ᠠ ᠪᠤᠤ ᠶᠢᠨ ᠢᠤᠢ ᠨᠠᠰᠦᠳᠠᠨ ᠳᠤ ᠠᠪᠴᠦ ᠬᠡᠯᠡᠪᠡᠯ ᠠᠷᠪᠠᠨ ᠨᠠᠢᠮᠠᠨ ᠪᠠᠳᠠᠭ ᠬᠤᠯᠪᠤᠭ᠎ᠠ ᠶᠢᠨ ᠦᠬᠡ ᠶᠢ ᠴᠡᠭᠡᠵᠢᠯᠡᠨ᠎ᠡ ᠬᠡᠳᠡᠭ ᠴᠢᠨᠢ ᠲᠡᠶᠢᠮᠦ ᠬᠢᠯᠪᠠᠷ ᠠᠵᠤ ᠪᠢᠰᠢ ᠪᠠᠶᠢᠯ᠎ᠠ᠃ ᠲᠡᠷᠡ ᠡᠪᠦᠬᠡᠨ ᠲᠠᠢ ᠪᠠᠨ ᠬᠤᠶᠠᠭᠤᠯᠠ ᠡᠳᠦᠷ ᠪᠦᠷᠢ ᠲᠤᠰᠬᠠᠢ ᠴᠠᠭ ᠭᠠᠷᠭᠠᠨ ᠬᠤᠯᠪᠤᠭ᠎ᠠ ᠴᠡᠭᠡᠵᠢᠯᠡᠨ᠎ᠡ᠂ ᠬᠡᠷ ᠵᠠᠭᠤᠷ᠎ᠠ ᠶᠢᠨ ᠠᠵᠢᠯ ᠬᠢᠬᠦ ᠦᠶᠡᠰ ᠳᠠᠬᠢᠨ ᠴᠡᠭᠡᠵᠢᠯᠡᠨ᠎ᠡ᠂ ᠭᠠᠳᠠᠨ᠎ᠠ ᠰᠡᠯᠡᠬᠦᠦ ᠠᠯᠬᠤᠬᠤ ᠦᠶᠡᠰ ᠴᠡᠭᠡᠵᠢᠯᠡᠨ᠎ᠡ᠃ ᠢᠡᠭᠬᠢᠵᠦ ᠬᠤᠶᠠᠭᠤᠯᠠ ᠬᠤᠶᠠᠷ ᠵᠢᠯ ᠤᠨ ᠴᠠᠭ ᠵᠠᠷᠦᠴᠠᠭᠤᠯᠤᠨ ︽ᠵᠠᠰᠠᠬᠳᠤ ᠶᠢᠨ ᠮᠠᠬᠳᠠᠭᠠᠯ︾ ᠬᠡᠬᠦ ᠬᠤᠯᠪᠤᠭ᠎ᠠ ᠶᠢ ᠤᠷᠤᠰᠤᠮ᠎ᠠ ᠰᠠᠶᠢᠬᠠᠨ ᠴᠡᠭᠡᠵᠢᠯᠡᠵᠦ᠂ ᠰᠢᠩ ᠺᠧ ᠨᠡᠶᠢᠬᠡᠮ ᠲᠤᠭᠤᠷᠢᠭ ᠤᠨ ᠲᠤᠰᠬᠠᠢ ᠤᠷᠠᠨ ᠰᠠᠶᠢᠬᠠᠨ ᠤ ᠲᠤᠬᠯᠠᠯᠳᠠ ᠳᠤ ᠲᠤᠰ ᠬᠤᠯᠪᠤᠭ᠎ᠠ ᠪᠠᠨ ᠬᠡᠯᠡᠵᠦ᠂ ᠦᠵᠡᠭᠴᠢ ᠤᠯᠠᠨ ᠢᠶᠠᠨ ᠪᠠᠶᠠᠰᠬᠠᠵᠠᠢ᠃
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号