| 2024 ᠤᠨ ᠳᠤ᠂ ᠬᠢᠩᠭᠠᠨ ᠠᠶᠢᠮᠠᠭ ᠤᠨ ᠮᠡᠳᠡᠯᠭᠡ ᠶᠢᠨ ᠦᠮᠴᠢᠯᠡᠯ ᠤᠨ ᠡᠷᠬᠡ ᠶᠢᠨ ᠠᠵᠢᠯ ᠤᠨ ᠦᠷ᠎ᠠ | ᠪᠦᠳᠤᠮᠵᠢ ᠮᠡᠳᠡᠭᠳᠡᠮ᠎ᠠ ᠪᠠᠶᠢᠵᠤ᠂ 487 ᠬᠤᠪᠢ ᠲᠤᠰᠬᠠᠢ ᠠᠰᠢᠭ ᠤᠨ ᠡᠷᠬᠡ ᠰᠢᠨ᠎ᠠ ᠪᠠᠷ ᠨᠡᠮᠡᠭᠳᠡᠪᠠ︔ ︽ | ᠷᠠᠰᠢᠶᠠᠨ ᠤᠰᠤ︾ ᠨᠢ ᠤᠯᠤᠰ ᠤᠨ ᠭᠠᠵᠠᠷ ᠵᠦᠢ ᠶᠢᠨ ᠢᠯᠡᠷᠬᠡᠶᠢᠯᠡᠯᠳᠤ ᠪᠦᠳᠤᠭᠡᠭᠳᠡᠬᠦᠨ ᠢᠶᠠᠷ ᠬᠢᠨᠠᠨ | ᠵᠦᠪᠰᠢᠶᠡᠷᠡᠭᠳᠡᠪᠡ︔ ︽ᠬᠢᠩᠭᠠᠨ ᠠᠶᠢᠮᠠᠭ ᠤᠨ ᠲᠤᠳᠤᠷᠭ᠎ᠠ︾ ᠨᠢ ᠦᠪᠠᠷᠳᠡᠭᠡᠨ ᠵᠠᠰᠠᠬᠤ ᠤᠷᠤᠨ ᠤ ︽ᠭᠠᠵᠠᠷ | ᠵᠦᠢ ᠶᠢᠨ ᠢᠯᠡᠷᠬᠡᠶᠢᠯᠡᠯᠳᠤ ᠤᠷᠤᠨ ᠲᠤᠭᠤᠷᠢᠭ ᠤᠨ ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠠ ᠶᠢ ᠬᠦᠴᠤᠯᠡᠨ | ᠠᠬᠢᠭᠤᠯᠬᠤ︾ ᠬᠡᠷᠡᠭ ᠤᠨ ᠵᠢᠱᠢᠶ᠎ᠠ ᠪᠠᠷ ᠰᠤᠩᠭᠤᠭᠳᠠᠪᠠ︔ ᠱᠦᠨ ᠶᠤᠸᠠᠨ ᠲᠠᠷᠢᠶᠠᠯᠠᠩ ᠤᠨ ᠮᠠᠰᠢᠨ᠂ ᠰᠢᠨ ᠵᠢᠶᠠ | ᠯᠢ ᠮᠢᠩ ᠵᠡᠷᠭᠡ 12 ᠠᠵᠤ ᠠᠬᠤᠶᠢᠯᠠᠯ ᠨᠢ ᠴᠢᠨᠠᠷ ᠰᠠᠶᠢᠳᠠᠢ ᠲᠤᠰᠬᠠᠢ ᠠᠰᠢᠭ ᠤᠨ ᠶᠠᠰᠤ ᠴᠢᠨᠠᠷ᠂ ᠤᠬᠢ ᠰᠠᠶᠢᠨ | ᠬᠦᠭᠵᠢᠯᠳᠠ ᠶᠢᠨ ᠰᠠᠭᠤᠷᠢ ᠪᠠ ᠬᠦᠴᠤᠷᠬᠡᠭ ᠶᠡᠭᠡ ᠠᠵᠤ ᠠᠬᠤᠶᠢᠯᠠᠯ ᠤᠨ ᠲᠠᠶᠢᠴᠢᠯᠠᠬᠤ ᠬᠦᠴᠤᠨ ᠳᠤ ᠲᠦᠰᠢᠭᠯᠡᠨ᠂ | ᠤᠯᠤᠰ ᠤᠨ ᠮᠡᠳᠡᠯᠭᠡ ᠶᠢᠨ ᠦᠮᠴᠢᠯᠡᠯ ᠤᠨ ᠡᠷᠬᠡ ᠶᠢᠨ ᠲᠤᠰᠬᠠᠢ ᠠᠰᠢᠭ ᠤᠨ ᠠᠵᠤ ᠠᠬᠤᠶᠢᠵᠢᠭᠰᠠᠨ ᠬᠡᠪ | ᠵᠠᠭᠪᠤᠷ ᠤᠨ ᠠᠵᠤ ᠠᠬᠤᠶᠢᠯᠠᠯ ᠢ ᠬᠦᠮᠤᠵᠢᠬᠦᠯᠬᠦ ᠬᠦᠮᠤᠷᠭᠡ ᠳᠤ ᠠᠮᠵᠢᠯᠳᠠᠳᠠᠢ ᠰᠤᠩᠭᠤᠭᠳᠠᠪᠠ᠃ | ᠡᠳᠡᠭᠡᠷ ᠬᠦᠮᠤᠰ ᠤᠨ ᠠᠩᠬᠠᠷᠤᠯ ᠢ ᠲᠠᠳᠠᠭᠰᠠᠨ ᠲᠤᠭ᠎ᠠ ᠪᠠᠷᠢᠮᠳᠠ ᠪᠠ ᠢᠷᠠᠭᠤ ᠠᠯᠳᠠᠷ ᠨᠢ ᠬᠢᠩᠭᠠᠨ | ᠠᠶᠢᠮᠠᠭ ᠤᠨ ᠮᠡᠳᠡᠯᠭᠡ ᠶᠢᠨ ᠦᠮᠴᠢᠯᠡᠯ ᠤᠨ ᠡᠷᠬᠡ ᠶᠢᠨ ᠠᠵᠤ ᠦᠢᠯᠡᠰ ᠤᠨ ᠲᠠᠪᠠᠯᠳᠠᠳᠤ ᠴᠢᠨᠠᠷᠳᠠᠢ ᠬᠦᠭᠵᠢᠯᠳᠠ ᠪᠠ | ᠪᠦᠬᠦ ᠲᠠᠯ᠎ᠠ ᠶᠢᠨ ᠲᠡᠭᠡᠭᠰᠢᠯᠡᠯᠳᠠ ᠶᠢ ᠪᠡᠶᠡᠯᠡᠬᠦᠯᠥᠭᠰᠡᠨ ᠢ ᠢᠯᠡᠷᠡᠬᠦᠯᠥᠭᠰᠡᠨ ᠢᠶᠠᠷ ᠪᠠᠷᠠᠬᠤ ᠦᠭᠡᠢ ᠬᠢᠩᠭᠠᠨ | ᠠᠶᠢᠮᠠᠭ ᠤᠨ ᠵᠠᠬ᠎ᠠ ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ︵ᠮᠡᠳᠡᠯᠭᠡ ᠶᠢᠨ ᠦᠮᠴᠢᠯᠠᠯ ᠤᠨ | ᠡᠷᠬᠡ ᠶᠢᠨ ᠲᠤᠪᠴᠢᠶ᠎ᠠ︶ ᠶᠢᠨ ᠮᠡᠳᠡᠯᠭᠡ ᠶᠢᠨ ᠦᠮᠴᠢᠯᠡᠯ ᠤᠨ ᠡᠷᠬᠡ ᠶᠢᠨ ᠰᠢᠨ᠎ᠠ ᠶᠢ ᠡᠬᠦᠳᠬᠦ ᠪᠠᠷ ᠬᠦᠳᠡᠯᠭᠡᠬᠦᠷ | ᠪᠤᠯᠭᠠᠬᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠠ ᠶᠢ ᠡᠬᠦᠳᠬᠦ ᠪᠠᠷ ᠠᠵᠤ ᠦᠢᠯᠡᠰ ᠤᠨ ᠰᠢᠨ᠎ᠠ ᠶᠢ | ᠡᠬᠦᠳᠬᠦ ᠶᠢ ᠲᠠᠶᠢᠴᠢᠯᠠᠬᠤ ᠳᠤ ᠲᠦᠰᠢᠭᠯᠡᠨ᠂ ᠴᠢᠨᠠᠷ ᠰᠠᠶᠢᠳᠠᠢ ᠬᠦᠭᠵᠢᠯᠳᠠ ᠶᠢ ᠬᠦᠴᠤᠯᠠᠨ ᠠᠬᠢᠭᠤᠯᠬᠤ ᠡᠷᠴᠢ | ᠵᠤᠷᠢᠭ ᠪᠠ ᠬᠦᠴᠤᠷᠬᠡᠭ ᠶᠡᠭᠡ ᠢᠳᠡᠭᠡᠯ ᠵᠤᠷᠢᠭ ᠢ ᠢᠯᠡᠷᠡᠬᠦᠯᠪᠡ᠃ | ᠮᠡᠳᠡᠯᠭᠡ ᠶᠢᠨ ᠦᠮᠴᠢᠯᠡᠯ ᠤᠨ ᠡᠷᠬᠡ ᠪᠤᠯ ᠨᠢᠭᠡᠨ ᠭᠠᠵᠠᠷ ᠤᠷᠤᠨ ᠤ ᠠᠵᠤ ᠠᠬᠤᠢ ᠶᠢᠨ ᠭᠤᠤᠯᠯᠠᠭᠴᠢ | ᠦᠷᠢᠰᠤᠯᠳᠤᠬᠦ ᠬᠦᠴᠤᠨ ᠢ ᠦᠨᠡᠯᠡᠬᠦ ᠴᠢᠬᠤᠯᠠ ᠪᠡᠯᠭᠡ ᠲᠡᠮᠳᠡᠭ ᠪᠤᠯᠤᠨ᠎ᠠ᠂ ᠮᠡᠳᠡᠯᠭᠡ ᠶᠢᠨ ᠦᠮᠴᠢᠯᠡᠯ ᠤᠨ ᠡᠷᠬᠡ ᠶᠢᠨ | ᠬᠠᠮᠢᠶᠠᠷᠤᠯᠳᠠ ᠪᠠ ᠦᠢᠯᠡᠴᠢᠯᠡᠭᠡᠨ ᠤ ᠠᠵᠢᠯ ᠢ ᠰᠠᠶᠢᠳᠤᠷ ᠬᠢᠬᠦ ᠪᠤᠯ ᠴᠢᠨᠠᠷ ᠰᠠᠶᠢᠳᠠᠢ ᠬᠦᠭᠵᠢᠯᠳᠠ ᠶᠢᠨ ᠰᠢᠨ᠎ᠠ | ᠬᠦᠳᠡᠯᠭᠡᠭᠴᠢ ᠬᠦᠴᠤᠨ ᠢ ᠬᠦᠮᠤᠵᠢᠬᠦᠯᠬᠦ ᠴᠠᠭ ᠦᠶ᠎ᠠ ᠶᠢᠨ ᠱᠠᠭᠠᠷᠳᠠᠯᠭ᠎ᠠ ᠮᠦᠨ᠃ | 2024 ᠤᠨ ᠤ 7 ᠰᠠᠷ᠎ᠠ ᠶᠢᠨ 2 ᠤ ᠡᠳᠤᠷ᠂ ᠤᠯᠤᠰ ᠤᠨ ᠮᠡᠳᠡᠯᠭᠡ ᠶᠢᠨ ᠦᠮᠴᠢᠯᠡᠯ ᠤᠨ ᠡᠷᠬᠡ ᠶᠢᠨ | ᠲᠤᠪᠴᠢᠶ᠎ᠠ ᠠᠴᠠ ︽ᠷᠠᠰᠢᠶᠠᠨ ᠤᠰᠤ︾ ᠳᠤ ᠭᠠᠵᠠᠷ ᠵᠦᠢ ᠶᠢᠨ ᠢᠯᠡᠷᠬᠡᠶᠢᠯᠡᠯᠳᠤ ᠪᠦᠳᠤᠭᠡᠭᠳᠡᠬᠦᠨ ᠤ | ᠬᠠᠮᠠᠭᠠᠯᠠᠯᠳᠠ ᠶᠢ ᠬᠡᠷᠡᠭᠵᠢᠬᠦᠯᠬᠦ ᠪᠠᠷ ᠨᠡᠶᠢᠳᠡᠯᠡᠪᠡ᠃ ᠡᠨᠡᠬᠦ ᠦᠷ᠎ᠠ ᠪᠦᠳᠤᠮᠵᠢ ᠨᠢ ᠤᠳᠬ᠎ᠠ ᠠᠭᠤᠯᠭ᠎ᠠ ᠪᠠᠷ ᠬᠦᠨ | ᠪᠠᠶᠢᠵᠤ᠂ 2018 ᠤᠨ ᠠᠴᠠ ᠨᠠᠭᠠᠰᠢ ᠤᠯᠤᠰ ᠤᠨ ᠮᠡᠳᠡᠯᠭᠡ ᠶᠢᠨ ᠦᠮᠴᠢᠯᠠᠯ ᠤᠨ ᠡᠷᠬᠡ ᠶᠢᠨ ᠲᠤᠪᠴᠢᠶ᠎ᠠ ᠲᠠᠬᠢᠨ | ᠵᠤᠬᠢᠶᠠᠨ ᠪᠠᠶᠢᠭᠤᠯᠤᠭᠰᠠᠨ ᠤ ᠲᠠᠷᠠᠭᠠᠬᠢ ᠠᠩᠬᠠᠳᠠᠭᠴᠢ ᠤᠳᠠᠭ᠎ᠠ ᠵᠦᠪᠰᠢᠶᠡᠷᠡᠭᠳᠡᠭᠰᠡᠨ ᠷᠠᠰᠢᠶᠠᠨ ᠤᠰᠤᠨ ᠤ ᠲᠦᠷᠤᠯ | ᠵᠦᠢᠯ ᠤᠨ ᠭᠠᠵᠠᠷ ᠵᠦᠢ ᠶᠢᠨ ᠢᠯᠡᠷᠬᠡᠶᠢᠯᠡᠯᠳᠤ ᠪᠦᠳᠤᠭᠡᠭᠳᠡᠬᠦᠨ ᠪᠤᠯᠤᠨ᠎ᠠ᠂ ᠨᠡᠩ ᠴᠤ ᠦᠪᠠᠷᠳᠡᠭᠡᠨ ᠵᠠᠰᠠᠬᠤ | ᠤᠷᠤᠨ ᠤ ᠵᠠᠬ᠎ᠠ ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ︵ᠮᠡᠳᠡᠯᠭᠡ ᠶᠢᠨ ᠦᠮᠴᠢᠯᠡᠯ ᠤᠨ | ᠡᠷᠬᠡ ᠶᠢᠨ ᠲᠤᠪᠴᠢᠶ᠎ᠠ︶ ᠲᠠᠬᠢᠨ ᠵᠤᠬᠢᠶᠠᠨ ᠪᠠᠶᠢᠭᠤᠯᠤᠭᠰᠠᠨ ᠤ ᠲᠠᠷᠠᠭ᠎ᠠ ᠪᠦᠬᠦ ᠤᠷᠤᠨ ᠳᠤ ᠠᠩᠬᠠᠳᠠᠭᠴᠢ ᠲᠤᠰ | ᠢᠷᠡᠭᠤ ᠠᠯᠳᠠᠷ ᠢ ᠬᠦᠷᠳᠡᠭᠰᠡᠨ ᠭᠠᠵᠠᠷ ᠵᠦᠢ ᠶᠢᠨ ᠢᠯᠡᠷᠬᠡᠶᠢᠯᠡᠯᠳᠤ ᠪᠦᠳᠤᠭᠡᠭᠳᠡᠬᠦᠨ ᠪᠤᠯᠤᠨ᠎ᠠ᠃ | ᠬᠢᠩᠭᠠᠨ ᠠᠶᠢᠮᠠᠭ ᠤᠨ ᠵᠠᠬ᠎ᠠ ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶᠠᠨ ᠤ ᠲᠡᠳ᠋ ᠲᠠᠷᠤᠭ᠎ᠠ | ᠴᠧᠨ ᠯᠸᠢ᠄ ︽︿ᠷᠠᠰᠢᠶᠠᠨ ᠤᠰᠤᠨ﹀ ᠤ ᠭᠠᠵᠠᠷ ᠵᠦᠢ ᠶᠢᠨ ᠢᠯᠡᠷᠬᠡᠶᠢᠯᠡᠯᠳᠤ ᠪᠦᠳᠤᠭᠡᠭᠳᠡᠬᠦᠨ ᠤ ᠬᠠᠮᠠᠭᠠᠯᠠᠯᠳᠠ ᠶᠢ | ᠭᠤᠶᠤᠴᠢᠯᠠᠬᠤ ᠶᠠᠪᠤᠴᠠ ᠲᠤᠮᠳᠠ ᠬᠢᠩᠭᠠᠨ ᠠᠶᠢᠮᠠᠭ ᠤᠨ ᠵᠠᠬ᠎ᠠ ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ | ᠲᠤᠪᠴᠢᠶ᠎ᠠ ︵ᠮᠡᠳᠡᠯᠭᠡ ᠶᠢᠨ ᠦᠮᠴᠢᠯᠡᠯ ᠤᠨ ᠲᠤᠪᠴᠢᠶ᠎ᠠ︶ ᠠᠴᠠ ᠲᠤᠰᠬᠠᠶᠢᠯᠠᠨ ᠠᠵᠢᠯᠯᠠᠬᠤ ᠲᠤᠭᠤᠶᠢᠯᠠᠩ | ᠪᠠᠶᠢᠭᠤᠯᠵᠤ᠂ ᠷᠠᠰᠢᠶᠠᠨ ᠬᠤᠳᠠ ᠶᠢᠨ ᠵᠠᠰᠠᠭ ᠤᠨ ᠤᠷᠳᠤᠨ ᠳᠤ ᠲᠤᠰᠬᠠᠢ ᠮᠡᠷᠭᠡᠵᠢᠯ ᠤᠨ ᠵᠢᠯᠤᠭᠤᠳᠤᠯᠭ᠎ᠠ ᠬᠠᠩᠭᠠᠪᠠ | ᠃ ᠠᠵᠢᠯ ᠤᠨ ᠲᠤᠭᠤᠶᠢᠯᠠᠩ ᠷᠠᠰᠢᠶᠠᠨ ᠬᠤᠳᠠ ᠳᠤ ᠬᠦᠨᠵᠡᠭᠡᠶᠢᠷᠡᠨ᠂ ᠲᠤᠬᠠᠢ ᠶᠢᠨ ᠭᠠᠵᠠᠷ ᠤᠨ ᠵᠠᠰᠠᠭ ᠤᠨ ᠤᠷᠳᠤᠨ | ᠂ ᠠᠵᠤ ᠠᠬᠤᠶᠢᠯᠠᠯ ᠪᠠ ᠰᠠᠭᠤᠭᠠᠯᠢ ᠠᠷᠠᠳ ᠲᠠᠢ ᠬᠠᠷᠢᠯᠴᠠᠵᠤ᠂ ᠬᠦᠮᠤᠨ ᠨᠡᠶᠢᠭᠡᠮ ᠤᠨ ᠰᠤᠶᠤᠯ ᠲᠡᠥᠬᠡ ᠶᠢᠨ | ᠮᠠᠲ᠋ᠧᠷᠢᠶᠠᠯ ᠢ ᠦᠷᠭᠡᠨ ᠢᠶᠠᠷ ᠠᠭᠤᠳᠠᠯᠯᠠᠨ᠂ ᠮᠡᠷᠭᠡᠵᠢᠯ ᠤᠨ ᠬᠢᠨᠠᠨ ᠪᠠᠶᠢᠴᠠᠭᠠᠬᠤ ᠠᠵᠢᠯ ᠢ ᠨᠠᠷᠢᠨ ᠬᠢᠨᠠᠮᠠᠭᠠᠢ ᠬᠢᠪᠡ᠃ | ᠡᠬᠦᠨ ᠤ ᠬᠠᠮᠳᠤ᠂ ᠦᠪᠠᠷᠳᠡᠭᠡᠨ ᠵᠠᠰᠠᠬᠤ ᠤᠷᠤᠨ ᠤ ᠵᠠᠬ᠎ᠠ ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ | ︵ᠮᠡᠳᠡᠯᠭᠡ ᠶᠢᠨ ᠦᠮᠴᠢᠯᠡᠯ ᠤᠨ ᠲᠤᠪᠴᠢᠶ᠎ᠠ︶ ᠲᠠᠢ ᠬᠠᠷᠢᠯᠴᠠᠨ ᠵᠤᠬᠢᠴᠠᠭᠤᠯᠵᠤ᠂ ᠠᠩᠬ᠎ᠠ ᠠᠯᠬᠤᠮ ᠤᠨ ᠬᠢᠨᠠᠨ | ᠪᠠᠶᠢᠴᠠᠭᠠᠬᠤ ᠠᠵᠢᠯ ᠢ ᠪᠦᠳᠤᠮᠵᠢᠳᠠᠢ ᠲᠠᠭᠤᠰᠬᠠᠪᠠ᠃ ᠤᠯᠤᠰ ᠤᠨ ᠮᠡᠳᠡᠯᠭᠡ ᠶᠢᠨ ᠦᠮᠴᠢᠯᠡᠯ ᠤᠨ ᠠᠵᠤ | ᠠᠬᠤᠶᠢᠯᠠᠯ ᠤᠨ ᠲᠤᠪᠴᠢᠶ᠎ᠠ ᠶᠢᠨ ᠬᠦᠴᠤᠳᠠᠢ ᠲᠡᠮᠵᠢᠯᠭᠡ ᠲᠤᠤᠷ᠎ᠠ᠂ ᠨᠠᠷᠢᠨ ᠨᠢᠭᠳᠠ ᠬᠠᠮᠵᠢᠯᠴᠠᠬᠤ᠂ ᠦᠨᠳᠤᠷ ᠦᠷ᠎ᠠ | ᠠᠰᠢᠭᠳᠠᠢ ᠬᠠᠷᠢᠯᠴᠠᠬᠤ ᠭᠤᠷᠪᠠᠨ ᠱᠠᠳᠤᠨ ᠤ ᠬᠤᠯᠪᠤᠭᠠᠯᠠᠯ ᠤᠨ ᠲᠤᠭᠳᠠᠴᠠ ᠶᠢ ᠪᠤᠢ ᠪᠤᠯᠭᠠᠵᠤ᠂ ᠬᠢᠨᠠᠨ | ᠵᠦᠪᠰᠢᠶᠡᠷᠡᠯ ᠳᠤ ᠪᠠᠳᠤ ᠰᠠᠭᠤᠷᠢ ᠶᠢ ᠲᠠᠯᠪᠢᠭᠰᠠᠨ ᠪᠠᠶᠢᠨ᠎ᠠ︾ ᠭᠡᠪᠠ᠃ | ᠰᠢᠨ᠎ᠠ ᠶᠢ ᠡᠬᠦᠳᠬᠦ ᠭᠤᠤᠯ ᠴᠤᠭᠴᠠ ᠶᠢ ᠬᠦᠮᠤᠵᠢᠬᠦᠯᠬᠦ ᠲᠠᠯ᠎ᠠ ᠪᠠᠷ᠂ ᠬᠢᠩᠭᠠᠨ ᠠᠶᠢᠮᠠᠭ ᠤᠨ ᠦᠷ᠎ᠠ | ᠪᠦᠳᠤᠮᠵᠢ ᠮᠡᠳᠡᠭᠳᠡᠮ᠎ᠠ ᠪᠠᠶᠢᠯ᠎ᠠ᠃ ᠤᠯᠠᠭᠠᠨᠬᠤᠳᠠ ᠶᠢᠨ ᠱᠦᠨ ᠶᠤᠸᠠᠨ ᠲᠠᠷᠢᠶᠠᠯᠠᠩ ᠮᠠᠯ ᠠᠵᠤ ᠠᠬᠤᠢ ᠶᠢᠨ ᠮᠠᠰᠢᠨ | ᠮᠧᠬᠠᠨᠢᠭ ᠢ ᠵᠤᠬᠢᠶᠠᠨ ᠦᠢᠯᠡᠳᠬᠦ ᠬᠢᠵᠠᠭᠠᠷᠳᠤ ᠺᠤᠮᠫᠠᠨᠢ ᠶᠢᠨ ᠦᠢᠯᠡᠳᠪᠤᠷᠢᠯᠡᠯ ᠤᠨ ᠲᠠᠰᠤᠭ ᠲᠤ ᠨᠠᠷᠢᠯᠢᠭ ᠬᠢᠴᠠᠳᠠᠢ | ᠲᠠᠷᠢᠶᠠᠯᠠᠩ ᠤᠨ ᠰᠡᠯᠪᠢᠩ ᠲᠤᠨᠤᠭ ᠢ ᠦᠢᠯᠡᠳᠪᠤᠷᠢᠯᠡᠨ ᠭᠠᠷᠭᠠᠵᠤ᠂ ᠦᠢᠯᠡᠳᠬᠦᠨ ᠢᠶᠠᠨ ᠪᠦᠬᠦ ᠤᠯᠤᠰ ᠤᠨ ᠡᠯ᠎ᠠ | ᠭᠠᠵᠠᠷ ᠲᠤ ᠪᠤᠷᠤᠯᠠᠭᠤᠯᠤᠨ᠎ᠠ᠃ ᠦᠩᠭᠡᠷᠡᠭᠰᠡᠨ ᠵᠢᠯ ᠳᠤ᠂ ᠡᠨᠡᠬᠦ ᠪᠠᠶ᠎ᠠ ᠪᠠᠨ ᠲᠠᠭᠠᠭᠠᠵᠤ ᠰᠤᠳᠤᠯᠤᠨ ᠦᠢᠯᠡᠳᠥᠭᠰᠡᠨ | ᠲᠤᠰᠬᠠᠢ ᠠᠰᠢᠭ ᠤᠨ ᠮᠡᠷᠭᠡᠵᠢᠯ ᠳᠤ ᠲᠦᠰᠢᠭᠯᠡᠨ ᠦᠳᠳᠠᠷ ᠲᠦᠷᠭᠡᠨ ᠬᠦᠭᠵᠢᠭᠰᠡᠨ ᠠᠵᠤ ᠠᠬᠤᠶᠢᠯᠠᠯ ᠨᠢ | ᠤᠯᠤᠰ ᠤᠨ ᠲᠤᠰᠬᠠᠢ ᠠᠰᠢᠭ ᠤᠨ ᠠᠵᠤ ᠠᠬᠤᠶᠢᠯᠠᠯ ᠢ ᠬᠦᠮᠤᠵᠢᠬᠦᠯᠬᠦ ᠬᠦᠮᠤᠷᠭᠡ ᠳᠤ ᠠᠮᠵᠢᠯᠳᠠᠳᠠᠢ ᠰᠤᠩᠭᠤᠭᠳᠠᠨ | ᠤᠷᠤᠭᠰᠠᠨ ᠪᠠᠶᠢᠨ᠎ᠠ᠃ | ᠲᠤᠰ ᠬᠦᠮᠤᠵᠢᠬᠦᠯᠬᠦ ᠬᠦᠮᠤᠷᠭᠡ ᠳᠤ ᠰᠤᠩᠭᠤᠭᠳᠠᠭᠰᠠᠨ ᠨᠢ ᠮᠡᠳᠡᠯᠭᠡ ᠶᠢᠨ ᠦᠮᠴᠢᠯᠡᠯ ᠤᠨ ᠡᠷᠬᠡ ᠶᠢᠨ | ᠲᠦᠷᠥ ᠶᠢᠨ ᠪᠤᠳᠤᠯᠭ᠎ᠠ ᠶᠢᠨ ᠲᠡᠮᠵᠢᠯᠭᠡ᠂ ᠲᠤᠰᠬᠠᠢ ᠠᠰᠢᠭ ᠤᠨ ᠮᠡᠷᠭᠡᠵᠢᠯ ᠤᠨ ᠪᠦᠳᠤᠭᠡᠭᠳᠡᠬᠦᠨ ᠢ ᠠᠵᠤ ᠠᠬᠤᠶᠢᠯᠡᠯ | ᠲᠡᠶᠢᠰᠢ ᠬᠦᠭᠵᠢᠬᠦᠯᠬᠦ᠂ ᠮᠦᠩᠬᠦᠨ ᠬᠦᠢᠯᠭᠡᠭᠡᠨ ᠤ ᠤᠨᠤᠴᠠᠳᠠᠢ ᠦᠢᠯᠡᠴᠢᠯᠡᠭᠡ ᠵᠢᠴᠢ ᠬᠦᠷᠤᠩᠭᠡ ᠶᠢᠨ ᠵᠠᠬ᠎ᠠ | ᠲᠡᠯᠭᠡᠬᠦᠷ ᠤᠨ ᠦᠢᠯᠡᠴᠢᠯᠡᠭᠡ ᠬᠠᠩᠭᠠᠬᠤ ᠵᠡᠷᠭᠡ ᠲᠠᠯ᠎ᠠ ᠶᠢ ᠴᠢᠬᠤᠯᠠᠴᠢᠯᠠᠨ ᠬᠦᠮᠤᠵᠢᠬᠦᠯᠵᠤ᠂ ᠲᠤᠰᠬᠠᠢ ᠠᠰᠢᠭ ᠤᠨ | ᠦᠨ᠎ᠠ ᠦᠷᠳᠡᠭ᠂ ᠠᠵᠤ ᠠᠬᠤᠢ ᠶᠢᠨ ᠦᠷ᠎ᠠ ᠠᠰᠢᠭ ᠪᠠ ᠵᠠᠬ᠎ᠠ ᠲᠡᠯᠭᠡᠬᠦᠷ ᠤᠨ ᠦᠷᠢᠰᠤᠯᠳᠤᠬᠦ ᠬᠦᠴᠤᠨ ᠢ | ᠲᠡᠭᠡᠭᠰᠢᠯᠡᠬᠦᠯᠬᠦ ᠳᠤ ᠲᠤᠰᠠᠳᠠᠢ ᠪᠢᠯᠠ᠃ ᠤᠳᠤᠬᠠᠨ ᠳᠤ᠂ ᠪᠦᠬᠦ ᠠᠶᠢᠮᠠᠭ ᠲᠤ ᠨᠡᠶᠢᠳᠠ 12 ᠡᠶᠢᠮᠤᠷᠬᠦᠥ ᠠᠵᠤ | ᠠᠬᠤᠶᠢᠯᠠᠯ ᠲᠠᠢ ᠪᠠᠶᠢᠵᠤ᠂ ᠲᠡᠳᠠᠨᠠᠷ ᠨᠢ ᠨᠢᠭᠡᠨᠳᠠ ᠬᠢᠩᠭᠠᠨ ᠠᠶᠢᠮᠠᠭ ᠤᠨ ᠮᠡᠳᠡᠯᠭᠡ ᠶᠢᠨ ᠦᠮᠴᠢᠯᠡᠯ ᠤᠨ ᠡᠷᠬᠡ ᠶᠢᠨ | ᠰᠢᠨ᠎ᠠ ᠶᠢ ᠡᠬᠦᠳᠬᠦ ᠬᠦᠭᠵᠢᠯᠳᠠ ᠲᠤᠮᠳᠠᠬᠢ ᠲᠤᠯᠭᠠᠭᠤᠷᠢ ᠬᠦᠴᠤᠨ ᠪᠤᠯᠤᠭᠰᠠᠨ ᠪᠠᠶᠢᠨ᠎ᠠ᠃ | ᠠᠵᠤ ᠠᠬᠤᠶᠢᠯᠠᠯ ᠤᠨ ᠬᠦᠭᠵᠢᠯᠳᠠ ᠳᠤ ᠬᠦᠴᠤᠯᠡᠬᠦ ᠪᠠᠷ᠂ ᠬᠢᠩᠭᠠᠨ ᠠᠶᠢᠮᠠᠭ ᠤᠨ ᠵᠠᠬ᠎ᠠ ᠲᠡᠯᠭᠡᠬᠦᠷ ᠤᠨ | ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ︵ᠮᠡᠳᠡᠯᠭᠡ ᠶᠢᠨ ᠦᠮᠴᠢᠯᠡᠯ ᠤᠨ ᠲᠤᠪᠴᠢᠶ᠎ᠠ︶ ᠪᠠ 160 ᠲᠤᠮᠳᠠ ᠪᠠᠭ᠎ᠠ | ᠠᠵᠤ ᠠᠬᠤᠶᠢᠯᠠᠯ ᠲᠠᠢ ᠬᠠᠮᠳᠤ ︽ᠮᠡᠳᠡᠯᠭᠡ ᠶᠢᠨ ᠦᠮᠴᠢᠯᠡᠯ ᠤᠨ ᠡᠷᠬᠡ ᠶᠢᠨ ᠡᠷᠬᠡ ᠠᠰᠢᠭ ᠢ ᠬᠠᠮᠠᠭᠠᠯᠠᠬᠤ ᠨᠠᠶᠢᠳᠠᠨ | ᠬᠠᠮᠢᠶᠠᠷᠬᠤ ᠭᠡᠷ᠎ᠠ︾ ᠲᠤᠭᠳᠠᠵᠤ᠂ ᠠᠵᠤ ᠠᠬᠤᠶᠢᠯᠠᠯ ᠳᠤ ᠬᠠᠥᠯᠢ ᠴᠠᠭᠠᠵᠠ ᠶᠢᠨ ᠠᠰᠠᠭᠤᠨ ᠰᠤᠷᠠᠬᠤ᠂ ᠵᠦᠷᠢᠴᠠᠯ | ᠵᠢᠭᠤᠷᠠᠯᠳᠤᠭᠠᠨ ᠤ ᠲᠠᠰᠤᠯᠤᠯᠳᠠ᠂ ᠬᠡᠪᠯᠡᠬᠦᠯᠬᠦ ᠡᠷᠬᠡ ᠶᠢ ᠪᠦᠷᠢᠳᠭᠡᠬᠦ ᠵᠡᠷᠭᠡ ᠪᠦᠬᠦ ᠲᠠᠯ᠎ᠠ ᠶᠢᠨ ᠦᠢᠯᠡᠴᠢᠯᠡᠭᠡ | ᠬᠠᠩᠭᠠᠬᠤ ᠪᠤᠯᠤᠨ᠎ᠠ᠃ | ᠬᠢᠩᠭᠠᠨ ᠯᠢᠩ ᠴᠤᠸᠠᠩ · ᠲᠡᠯᠭᠡᠨ ᠦᠵᠡᠬᠦᠯᠵᠤ ᠪᠡᠶᠡᠴᠢᠯᠡᠨ ᠤᠶᠢᠯᠠᠭᠠᠬᠤ ᠲᠦᠪ ᠲᠤ ᠬᠢᠩᠭᠠᠨ | ᠠᠶᠢᠮᠠᠭ ᠤᠨ ᠲᠤᠳᠤᠷᠭ᠎ᠠ᠂ ᠡᠷᠬᠢᠳᠤ ᠹᠧᠨᠲ᠋ᠢᠶᠤᠤᠷ ᠵᠡᠷᠭᠡ ᠭᠠᠵᠠᠷ ᠵᠦᠢ ᠶᠢᠨ ᠢᠯᠡᠷᠬᠡᠶᠢᠯᠡᠯᠳᠤ ᠪᠦᠳᠤᠭᠡᠭᠳᠡᠬᠦᠨ ᠢ | ᠲᠡᠯᠭᠡᠨ ᠦᠵᠡᠬᠦᠯᠵᠤ᠂ ᠵᠢᠭᠤᠯᠴᠢᠯᠠᠭᠰᠠᠳ ᠠᠵᠢᠯᠳᠠᠨ ᠤ ᠲᠠᠶᠢᠯᠪᠤᠷᠢᠯᠠᠯᠳᠠ ᠪᠠᠷ ᠲᠡᠯᠭᠡᠨ ᠦᠵᠡᠬᠦᠯᠵᠤ ᠪᠠᠶᠢᠭ᠎ᠠ | ᠪᠦᠳᠤᠭᠡᠭᠳᠡᠬᠦᠨ ᠤ ᠲᠡᠥᠬᠡ ᠪᠠ ᠨᠠᠷᠡᠳᠤ ᠲᠡᠮᠳᠡᠭᠳᠤ ᠶᠢᠨ ᠦᠯᠢᠭᠡᠷ ᠢ ᠬᠦᠨᠵᠡᠭᠡᠢ ᠤᠶᠢᠯᠠᠭᠠᠨ᠎ᠠ᠃ | ᠬᠢᠩᠭᠠᠨ ᠠᠶᠢᠮᠠᠭ ᠤᠨ ᠵᠠᠬ᠎ᠠ ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ᠶᠢᠨ ᠲᠠᠷᠤᠭ᠎ᠠ | ᠭᠥᠸᠧ ᠯᠢᠩ ᠶᠦᠨ ᠴᠢᠩᠭᠠᠳᠬᠠᠭᠰᠠᠨ ᠨᠢ᠂ ᠭᠠᠵᠠᠷ ᠵᠦᠢ ᠶᠢᠨ ᠢᠯᠡᠷᠬᠡᠶᠢᠯᠡᠯᠳᠤ ᠲᠡᠮᠳᠡᠭ ᠤᠨ ᠲᠠᠶᠢᠴᠢᠯᠠᠨ | ᠲᠠᠭᠠᠭᠤᠯᠬᠤ ᠦᠢᠯᠡᠳᠤᠯ ᠢ ᠬᠦᠢᠴᠡᠳ ᠪᠠᠳᠠᠷᠠᠭᠤᠯᠵᠤ᠂ ᠭᠠᠵᠠᠷ ᠵᠦᠢ ᠶᠢᠨ ᠢᠯᠡᠷᠬᠡᠶᠢᠯᠡᠯᠳᠤ ᠲᠠᠸᠠᠷ ᠤᠨ ᠲᠡᠮᠳᠡᠭ ᠢ | ᠨᠡᠷᠡᠳᠤ ᠲᠡᠮᠳᠡᠭᠳᠤ ᠶᠢᠨ ᠠᠵᠤ ᠠᠬᠤᠢ ᠶᠢ ᠠᠬᠢᠭᠤᠯᠬᠤ᠂ ᠤᠨᠴᠠᠯᠢᠭᠳᠤ ᠠᠵᠤ ᠠᠬᠤᠢ ᠶᠢ ᠠᠬᠢᠭᠤᠯᠬᠤ᠂ ᠲᠡᠥᠬᠡ | ᠰᠤᠶᠤᠯ ᠢ ᠤᠯᠠᠮᠵᠢᠯᠠᠬᠤ ᠪᠠ ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠲᠠᠢ ᠤᠷᠭᠠᠨᠢᠭ ᠢᠶᠠᠷ | ᠤᠶᠠᠯᠳᠤᠭᠤᠯᠬᠤ ᠴᠢᠬᠤᠯᠠ ᠠᠷᠭ᠎ᠠ ᠵᠠᠮ ᠪᠤᠯᠭᠠᠨ᠎ᠠ ᠭᠡᠪᠡ᠃ 2024 ᠤᠨ ᠳᠤ᠂ ᠬᠢᠩᠭᠠᠨ ᠠᠶᠢᠮᠠᠭ ᠤᠨ ᠵᠠᠬ᠎ᠠ | ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ 12 ᠠᠵᠤ ᠠᠬᠤᠶᠢᠯᠠᠯ ᠢ ᠵᠤᠬᠢᠶᠠᠨ ᠪᠠᠶᠢᠭᠤᠯᠤᠨ ᠲᠤᠮᠳᠠᠳᠤ | ᠤᠯᠤᠰ ᠤᠨ ᠭᠠᠵᠠᠷ ᠵᠦᠢ ᠶᠢᠨ ᠠᠷᠠᠯᠵᠢᠶᠠᠨ ᠤ ᠦᠵᠡᠰᠬᠦᠯᠡᠩ ᠳᠤ ᠤᠷᠤᠯᠴᠠᠵᠤ᠂ 8 ᠠᠵᠤ ᠠᠬᠤᠶᠢᠯᠠᠯ ᠨᠢ ᠦᠪᠤᠷ | ᠮᠤᠩᠭᠤᠯ ᠤᠨ ᠤᠨᠴᠠᠯᠢᠭᠳᠤ ᠠᠵᠤ ᠦᠢᠯᠡᠰ ᠤᠨ ᠦᠵᠡᠰᠬᠦᠯᠡᠩ ᠤᠨ ᠬᠤᠷᠠᠯ ᠵᠢᠴᠢ ᠭᠠᠵᠠᠷ ᠵᠦᠢ ᠶᠢᠨ | ᠢᠯᠡᠷᠬᠡᠶᠢᠯᠡᠯᠳᠤ ᠪᠦᠳᠤᠭᠡᠭᠳᠡᠬᠦᠨ ᠤᠷᠤᠨ ᠪᠦᠰᠠ ᠶᠢᠨ ᠨᠡᠷᠡᠳᠤ ᠲᠡᠮᠳᠡᠭᠳᠤ ᠶᠢᠨ ᠪᠦᠳᠤᠭᠡᠨ ᠪᠠᠶᠢᠭᠤᠯᠤᠯᠳᠠ ᠶᠢᠨ | ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠬᠦᠭᠵᠢᠯᠳᠠ ᠶᠢᠨ ᠬᠤᠷᠠᠯ ᠵᠡᠷᠭᠡ ᠦᠵᠡᠰᠬᠦᠯᠡᠩ ᠳᠤ | ᠤᠷᠤᠯᠴᠠᠵᠤ᠂ ᠭᠠᠵᠠᠷ ᠵᠦᠢ ᠶᠢᠨ ᠢᠯᠡᠷᠬᠡᠶᠢᠯᠡᠯᠳᠤ ᠪᠦᠳᠤᠭᠡᠭᠳᠡᠬᠦᠨ ᠤ ᠨᠡᠷ᠎ᠠ ᠠᠯᠳᠠᠷᠰᠢᠯ ᠪᠠ ᠨᠦᠯᠤᠭᠡᠯᠡᠬᠦ | ᠬᠦᠴᠤᠨ ᠢ ᠪᠦᠳᠤᠮᠵᠢᠳᠠᠢ ᠲᠡᠭᠡᠭᠰᠢᠯᠡᠬᠦᠯᠪᠡ᠃ | ᠰᠢᠨ᠎ᠠ ᠶᠢ ᠡᠬᠦᠳᠬᠦ ᠪᠤᠯ ᠮᠡᠳᠡᠯᠭᠡ ᠶᠢᠨ ᠦᠮᠴᠢᠯᠡᠯ ᠤᠨ ᠡᠷᠬᠡ ᠶᠢᠨ ᠠᠵᠢᠯ ᠤᠨ ᠬᠦᠭᠵᠢᠯᠳᠠ ᠶᠢᠨ ᠰᠠᠭᠤᠷᠢ | ᠴᠢᠯᠠᠭᠤ ᠪᠤᠯᠤᠨ᠎ᠠ᠃ ᠭᠡᠪᠡᠴᠤ ᠦᠷᠭᠡᠨ ᠤᠯᠠᠨ ᠰᠢᠨ᠎ᠠ ᠶᠢ ᠡᠬᠦᠳᠬᠦ ᠬᠡᠯᠪᠡᠷᠢ ᠶᠢᠨ ᠠᠵᠤ ᠠᠬᠤᠶᠢᠯᠠᠯ ᠳᠤ ᠠᠪᠴᠤ | ᠬᠡᠯᠡᠪᠡᠯ᠂ ᠪᠡᠯᠡ ᠮᠦᠩᠬᠦ ᠲᠤᠳᠠᠭᠳᠠᠬᠤ ᠨᠢ ᠠᠵᠤ ᠠᠬᠤᠶᠢᠯᠠᠯ ᠤᠨ ᠤᠷᠳᠤ ᠬᠤᠭᠤᠴᠠᠭᠠᠨ ᠤ ᠬᠦᠭᠵᠢᠯᠳᠠ ᠪᠠ | ᠮᠡᠷᠭᠡᠵᠢᠯ ᠤᠨ ᠰᠢᠨ᠎ᠠ ᠶᠢ ᠡᠬᠦᠳᠬᠦ ᠬᠢᠵᠠᠭᠠᠷᠯᠠᠯ ᠪᠤᠯᠤᠨ᠎ᠠ᠃ ᠤᠶᠢᠷ᠎ᠠ ᠶᠢᠨ ᠵᠢᠯ ᠠᠴᠠ ᠨᠠᠭᠠᠰᠢ᠂ ᠬᠢᠩᠭᠠᠨ | ᠠᠶᠢᠮᠠᠭ ᠤᠨ ᠮᠡᠳᠡᠯᠭᠡ ᠶᠢᠨ ᠦᠮᠴᠢᠯᠡᠯ ᠤᠨ ᠡᠷᠬᠡ ᠶᠢᠨ ᠲᠦᠪ ᠦᠷᠬᠦᠯᠵᠢᠯᠡᠨ ᠮᠡᠳᠡᠯᠭᠡ ᠶᠢᠨ ᠦᠮᠴᠢᠯᠡᠯ ᠤᠨ | ᠡᠷᠬᠡ ᠶᠢᠨ ᠬᠡᠷᠡᠭᠯᠡᠯᠳᠠ ᠶᠢ ᠠᠬᠢᠭᠤᠯᠵᠤ᠂ ᠪᠦᠬᠦ ᠠᠶᠢᠮᠠᠭ ᠤᠨ ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠠ ᠳᠤ | ᠬᠦᠴᠤᠳᠠᠢ ᠮᠡᠳᠡᠯᠭᠡ ᠶᠢᠨ ᠦᠮᠴᠢᠯᠡᠯ ᠤᠨ ᠡᠷᠬᠡ ᠶᠢᠨ ᠲᠤᠯᠭᠠᠭᠤᠷᠢᠯᠠᠯ ᠬᠠᠩᠭᠠᠪᠠ᠃ | ᠮᠡᠳᠡᠯᠭᠡ ᠶᠢᠨ ᠦᠮᠴᠢᠯᠡᠯ ᠤᠨ ᠡᠷᠬᠡ ᠪᠠ ᠮᠦᠩᠬᠦᠨ ᠬᠦᠢᠯᠭᠡᠭᠡᠨ ᠢ ᠬᠦᠨᠵᠡᠭᠡᠢ ᠠᠭᠤᠰᠤᠯᠴᠠᠭᠤᠯᠬᠤ ᠶᠢ | ᠠᠬᠢᠭᠤᠯᠬᠤ ᠲᠠᠯ᠎ᠠ ᠪᠠᠷ ᠮᠡᠳᠡᠭᠳᠡᠮ᠎ᠠ ᠦᠷ᠎ᠠ ᠪᠦᠳᠤᠮᠵᠢ ᠤᠯᠪᠠ᠃ ᠦᠪᠤᠷ ᠮᠤᠩᠭᠤᠯ ᠤᠨ ᠢ ᠮᠢᠨ ᠠᠮᠢᠳᠤ | ᠪᠤᠳᠠᠰ ᠤᠨ ᠲᠧᠭᠨᠢᠭ ᠮᠡᠷᠭᠡᠵᠢᠯ ᠤᠨ ᠬᠢᠵᠠᠭᠠᠷᠳᠤ ᠺᠤᠮᠫᠠᠨᠢ ᠶᠢᠨ ᠶᠡᠷᠤᠩᠬᠡᠢ ᠲᠠᠭᠠᠭᠠᠮᠠᠯ ᠪᠤᠤ ᠸᠧᠨ ᠴᠧᠩ᠄ ︽ | 2023 — 2024 ᠤᠨ ᠳᠤ᠂ ᠺᠤᠮᠫᠠᠨᠢ ᠠᠴᠠ ᠲᠤᠰ ᠪᠦᠷᠢ 300 ᠲᠦᠮᠡᠨ ᠲᠦᠬᠦᠷᠢᠭ ᠪᠠ 500 ᠲᠦᠮᠡᠨ | ᠲᠦᠬᠦᠷᠢᠭ ᠤᠨ ᠵᠢᠭᠡᠯᠡᠯᠭᠡ ᠤᠯᠵᠤ᠂ ᠮᠠᠲ᠋ᠧᠷᠢᠶᠠᠯ ᠬᠤᠳᠠᠯᠳᠤᠨ ᠠᠪᠬᠤ ᠪᠡᠯᠡ ᠮᠦᠩᠬᠦ ᠶᠢᠨ ᠲᠠᠷᠤᠭᠠᠰᠤ ᠶᠢ | ᠪᠦᠳᠤᠮᠵᠢᠳᠠᠢ ᠬᠦᠩᠭᠡᠷᠡᠬᠦᠯᠵᠤ ᠴᠢᠳᠠᠭᠰᠠᠨ ᠪᠠᠶᠢᠨ᠎ᠠ︾ ᠭᠡᠵᠤ ᠢᠯᠡᠷᠭᠡᠶᠢᠯᠡᠨ᠎ᠠ᠃ ᠡ᠊ᠨᠠ ᠨᠢ ᠬᠢᠩᠭᠠᠨ ᠠᠶᠢᠮᠠᠭ ᠤᠨ | ᠵᠠᠬ᠎ᠠ ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ︵ᠮᠡᠳᠡᠯᠭᠡ ᠶᠢᠨ ᠦᠮᠴᠢᠯᠡᠯ ᠤᠨ ᠲᠤᠪᠴᠢᠶ᠎ᠠ︶ ᠶᠢᠨ | ᠠᠵᠤ ᠠᠬᠤᠶᠢᠯᠠᠯ ᠳᠤ ᠬᠦᠨᠵᠡᠭᠡᠶᠢᠷᠡᠨ ᠪᠠᠶᠢᠳᠠᠯ ᠤᠶᠢᠯᠠᠭᠠᠬᠤ᠂ ᠬᠠᠮᠢᠶ᠎ᠠ ᠪᠦᠬᠦᠢ ᠲᠦᠷᠥ ᠶᠢᠨ ᠪᠤᠳᠤᠯᠭ᠎ᠠ ᠶᠢ | ᠤᠬᠠᠭᠤᠯᠤᠭᠰᠠᠨ ᠤ ᠬᠠᠮᠳᠤ ᠵᠠᠰᠠᠭ ᠤᠨ ᠤᠷᠳᠤᠨ ᠪᠠᠩᠬᠢ ᠠᠵᠤ ᠠᠬᠤᠶᠢᠯᠠᠯ ᠬᠠᠷᠢᠯᠴᠠᠨ ᠵᠤᠯᠭᠠᠬᠤ ᠲᠠᠪᠴᠠᠩ ᠢ | ᠢᠳᠡᠪᠬᠢᠳᠠᠢ ᠪᠠᠶᠢᠭᠤᠯᠤᠭᠰᠠᠨ ᠤ ᠰᠠᠶᠢᠨ ᠪᠢᠯᠠ᠃ | 2024 ᠤᠨ ᠳᠤ᠂ ᠬᠢᠩᠭᠠᠨ ᠠᠶᠢᠮᠠᠭ 4095 ᠲᠦᠮᠡᠨ ᠲᠦᠬᠦᠷᠢᠭ ᠤᠨ ᠮᠡᠳᠡᠯᠭᠡ ᠶᠢᠨ ᠦᠮᠴᠢᠯᠠᠯ ᠤᠨ | ᠡᠷᠬᠡ ᠪᠠᠨ ᠲᠠᠨᠵᠢᠯᠠᠨ ᠪᠠᠷᠢᠴᠠᠭᠠᠯᠠᠬᠤ ᠪᠡᠯᠡ ᠬᠤᠷᠠᠮᠳᠤᠭᠤᠯᠪᠠ᠃ ᠡ᠊ᠨᠠ ᠵᠢᠯ᠂ ᠬᠢᠩᠭᠠᠨ ᠠᠶᠢᠮᠠᠭ ᠤᠨ ᠵᠠᠬ᠎ᠠ | ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ︵ᠮᠡᠳᠡᠯᠭᠡ ᠶᠢᠨ ᠦᠮᠴᠢᠯᠡᠯ ᠤᠨ ᠲᠤᠪᠴᠢᠶ᠎ᠠ︶ | ᠮᠡᠳᠡᠯᠭᠡ ᠶᠢᠨ ᠦᠮᠴᠢᠯᠡᠯ ᠤᠨ ᠡᠷᠬᠡ ᠪᠠᠨ ᠲᠡᠨᠵᠢᠯᠡᠨ ᠪᠠᠷᠢᠴᠠᠭᠠᠯᠠᠬᠤ ᠪᠡᠯᠡ ᠬᠤᠷᠠᠮᠳᠤᠭᠤᠯᠬᠤ ᠶᠢ ᠢᠳᠡᠪᠬᠢᠳᠠᠢ | ᠦᠷᠨᠢᠬᠦᠯᠵᠤ᠂ ᠠᠵᠤ ᠠᠬᠤᠶᠢᠯᠠᠯ ᠤᠨ ᠪᠡᠯᠡ ᠮᠦᠩᠬᠦ ᠶᠢᠨ ᠱᠠᠭᠠᠷᠳᠠᠯᠭ᠎ᠠ ᠲᠠᠢ ᠰᠠᠶᠢᠨ ᠲᠤᠷ᠎ᠠ ᠠᠴᠠ ᠪᠠᠨ | ᠵᠤᠯᠭᠠᠭᠤᠯᠤᠨ᠂ 18 ᠠᠵᠤ ᠠᠬᠤᠶᠢᠯᠠᠯ ᠤᠨ 1.03 ᠳ᠋ᠦᠩᠰᠢᠭᠤᠷ ᠲᠦᠬᠦᠷᠢᠭ ᠤᠨ ᠲᠡᠨᠵᠢᠯᠡᠨ ᠪᠠᠷᠢᠴᠠᠭᠠᠯᠠᠬᠤ ᠪᠡᠯᠡ | ᠮᠦᠩᠬᠦ ᠶᠢᠨ ᠱᠠᠭᠠᠷᠳᠠᠯᠭ᠎ᠠ ᠶᠢ ᠬᠤᠷᠢᠶᠠᠨ ᠴᠤᠭᠯᠠᠭᠤᠯᠵᠤ᠂ ᠠᠵᠤ ᠠᠬᠤᠶᠢᠯᠠᠯ ᠤᠨ ᠲᠠᠸᠠᠷ ᠤᠨ ᠲᠡᠮᠳᠡᠭ ᠢ 98 | ᠬᠤᠪᠢ᠂ ᠲᠤᠰᠬᠠᠢ ᠠᠰᠢᠭ ᠢ 104 ᠬᠤᠪᠢ ᠬᠢᠨᠠᠨ ᠪᠠᠶᠢᠴᠠᠭᠠᠪᠠ᠃ | ᠪᠦᠬᠦ ᠲᠠᠯ᠎ᠠ ᠪᠠᠷ ᠬᠤᠪᠢᠷᠠᠭᠤᠯᠬᠤ ᠲᠤᠭᠳᠠᠴᠠ ᠶᠢ ᠪᠠᠶᠢᠭᠤᠯᠬᠤ ᠶᠢᠨ ᠬᠠᠮᠳᠤ ᠵᠠᠪᠠᠯ ᠮᠡᠳᠡᠯᠭᠡ ᠶᠢᠨ | ᠦᠮᠴᠢᠯᠡᠯ ᠤᠨ ᠡᠷᠬᠡ ᠶᠢᠨ ᠬᠠᠮᠠᠭᠠᠯᠠᠯᠳᠠ ᠶᠢᠨ ᠨᠡᠶᠢᠯᠡᠯ ᠬᠦᠴᠤᠨ ᠢ ᠲᠠᠰᠤᠷᠠᠯᠳᠠ ᠦᠭᠡᠢ ᠴᠢᠩᠭᠠᠳᠬᠠᠨ᠂ ᠠᠵᠤ | ᠠᠬᠤᠶᠢᠯᠠᠯ ᠤᠨ ᠮᠡᠳᠡᠯᠭᠡ ᠶᠢᠨ ᠦᠮᠴᠢᠯᠡᠯ ᠤᠨ ᠡᠷᠬᠡ ᠶᠢ ᠬᠠᠮᠠᠭᠠᠯᠠᠬᠤ ᠳᠤ ᠪᠠᠳᠤᠯᠠᠭ᠎ᠠ ᠬᠠᠩᠭᠠᠬᠤ ᠬᠡᠷᠡᠭᠳᠡᠢ ᠭᠡᠵᠤ | ᠴᠧᠨ ᠯᠸᠢ ᠢᠯᠠᠷᠭᠡᠶᠢᠯᠡᠨᠠ᠃ ᠪᠤᠳᠠᠳᠠᠢ ᠪᠠᠶᠢᠳᠠᠯ ᠳᠤ᠂ ᠮᠡᠳᠡᠯᠭᠡ ᠶᠢᠨ ᠦᠮᠴᠢᠯᠡᠯ ᠤᠨ ᠡᠷᠬᠡ ᠢ ᠬᠠᠮᠠᠭᠠᠯᠠᠬᠤ | ᠠᠵᠢᠯ ᠨᠢ ᠤᠯᠠᠨ ᠬᠦᠷᠢᠶ᠎ᠠ ᠴᠠᠷᠠᠭ᠎ᠠ ᠲᠠᠢ ᠬᠤᠯᠪᠤᠭᠳᠠᠬᠤ᠂ ᠲᠤᠬᠠᠶᠢᠯᠠᠭᠰᠠᠨ ᠠᠵᠢᠯ ᠤᠨ ᠪᠠᠷᠢᠮᠵᠢᠶ᠎ᠠ ᠦᠨᠳᠤᠷ ᠵᠡᠷᠭᠡ | ᠤᠯᠠᠨ ᠦᠷᠢᠰᠤᠯᠳᠤᠭᠡᠨ ᠲᠤᠯᠭᠠᠷᠠᠵᠤ᠂ ᠬᠠᠥᠯᠢ ᠬᠡᠷᠡᠭᠵᠢᠬᠦᠯᠬᠦ ᠠᠵᠢᠯ ᠳᠤ ᠨᠡᠩ ᠦᠨᠳᠤᠷ ᠱᠠᠭᠠᠷᠳᠠᠯᠭ᠎ᠠ ᠲᠠᠢ ᠪᠤᠯᠪᠠ | ᠃ | ᠬᠢᠩᠭᠠᠨ ᠠᠶᠢᠮᠠᠭ ᠤᠨ ᠵᠠᠬ᠎ᠠ ᠲᠡᠯᠭᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ︵ ᠮᠡᠳᠡᠯᠭᠡ ᠶᠢᠨ | ᠦᠮᠴᠢᠯᠡᠯ ᠤᠨ ᠲᠤᠪᠴᠢᠶ᠎ᠠ︶ ᠢᠳᠡᠪᠬᠢᠳᠠᠢ ᠰᠦᠪᠡᠭᠴᠢᠯᠡᠯᠳᠠ ᠬᠢᠵᠤ᠂ ᠮᠡᠳᠡᠯᠭᠡ ᠶᠢᠨ ᠦᠮᠴᠢᠯᠠᠯ ᠤᠨ ᠡᠷᠬᠡ ᠶᠢ | ᠬᠦᠮᠤᠵᠢᠬᠦᠯᠤᠨ ᠬᠠᠮᠠᠭᠠᠯᠠᠬᠤ ᠬᠦᠴᠢᠷ ᠠᠰᠠᠭᠤᠳᠠᠯ ᠢ ᠠᠮᠵᠢᠯᠳᠠᠳᠠᠢ ᠰᠶᠢᠳᠪᠤᠷᠢᠯᠠᠨ᠂ ᠠᠵᠤ ᠠᠬᠤᠶᠢᠯᠠᠯ ᠤᠨ | ᠰᠢᠨ᠎ᠠ ᠶᠢ ᠡᠬᠦᠳᠬᠦ ᠠᠮᠢᠵᠢᠷᠠᠯ ᠤᠨ ᠬᠦᠴᠤᠨ ᠢ ᠤᠷᠮᠠᠰᠢᠭᠤᠯᠪᠠ᠃ | ᠭᠤᠤᠯᠳᠠᠯᠭ᠎ᠠ ᠲᠠᠢ ᠬᠦᠷᠢᠶ᠎ᠠ ᠴᠠᠷᠠᠭᠠᠨ ᠳᠤ ᠠᠩᠬᠠᠷᠤᠯ ᠢᠶᠠᠨ ᠬᠠᠨᠳᠤᠭᠤᠯᠤᠨ᠂ ᠵᠠᠰᠠᠭ ᠤᠨ ᠤᠷᠳᠤᠨ ᠤ | ᠬᠠᠮᠠᠭᠠᠯᠠᠯᠳᠠ ᠪᠠᠨ ᠴᠢᠩᠭᠠᠳᠬᠠᠨ᠎ᠠ᠃ ᠲᠤᠰᠬᠠᠢ ᠠᠰᠢᠭ ᠤᠨ ᠵᠢᠭᠤᠷᠠᠯᠳᠤᠭᠠᠨ᠂ ᠲᠠᠸᠠᠷ ᠤᠨ ᠲᠡᠮᠳᠡᠭ ᠤᠨ ᠲᠤᠰᠠᠭᠠᠷ | ᠬᠡᠷᠡᠭᠯᠡᠬᠦ ᠡᠷᠭᠡ ᠶᠢᠨ ᠵᠠᠰᠠᠭ ᠤᠨ ᠤᠷᠳᠤᠨ ᠤ ᠬᠠᠮᠠᠭᠠᠯᠠᠯᠳᠠ ᠶᠢ ᠭᠤᠤᠯᠳᠠᠯᠭ᠎ᠠ ᠲᠠᠢ ᠴᠢᠩᠭᠠᠳᠬᠠᠨ᠂ ᠠᠷᠠᠳ ᠤᠨ | ᠠᠮᠢᠳᠤᠷᠠᠯ ᠤᠨ ᠬᠠᠯᠠᠭᠤᠷᠠᠯ ᠠᠰᠠᠭᠤᠳᠠᠯ᠂ ᠭᠤᠤᠯᠳᠠᠯᠭ᠎ᠠ ᠲᠠᠢ ᠬᠦᠷᠢᠶ᠎ᠠ ᠴᠠᠷᠠᠭ᠎ᠠ᠂ ᠰᠢᠨ᠎ᠠ ᠬᠡᠯᠪᠡᠷᠢ ᠶᠢᠨ ᠵᠠᠬ᠎ᠠ | ᠲᠡᠯᠭᠡᠬᠦᠷ ᠵᠢᠴᠢ ᠵᠠᠩᠬᠢᠯᠠᠭ᠎ᠠ ᠶᠢᠨ ᠭᠤᠭᠴᠤᠭ᠎ᠠ ᠳᠤ ᠲᠦᠪᠯᠡᠷᠡᠬᠦᠯᠵᠤ᠂ ᠡᠯ᠎ᠠ ᠲᠦᠷᠤᠯ ᠤᠨ ᠲᠡᠯᠭᠡᠨ ᠦᠵᠡᠬᠦᠯᠭᠡ ᠶᠢᠨ | ᠬᠤᠷᠠᠯ ᠪᠠ ᠴᠢᠬᠤᠯᠠ ᠵᠠᠩᠬᠢᠯᠠᠭ᠎ᠠ ᠶᠢᠨ ᠴᠡᠭ ᠤᠨ ᠪᠠᠳᠤᠯᠠᠭ᠎ᠠ ᠶᠢ ᠴᠢᠩᠭᠠᠳᠬᠠᠪᠠ᠃ ᠮᠡᠳᠡᠯᠭᠡ ᠶᠢᠨ ᠦᠮᠴᠢᠯᠡᠯ ᠤᠨ | ᠡᠷᠬᠡ ᠶᠢᠨ ᠤᠷᠤᠯᠠᠬᠤ ᠪᠠᠶᠢᠭᠤᠯᠤᠮᠵᠢ ᠲᠤᠰᠬᠠᠢ ᠲᠦᠷᠤᠯ ᠤᠨ ᠴᠡᠭᠴᠡᠯᠡᠨ ᠵᠠᠰᠠᠬᠤ ᠠᠵᠢᠯᠯᠠᠭ᠎ᠠ ᠦᠷᠨᠢᠬᠦᠯᠵᠤ᠂ ᠪᠦᠬᠦ | ᠠᠶᠢᠮᠠᠭ ᠤᠨ 6 ᠤᠷᠤᠯᠠᠬᠤ ᠪᠠᠶᠢᠭᠤᠯᠤᠮᠵᠢ ᠠᠴᠠ ᠬᠠᠥᠯᠢ ᠶᠤᠰᠤᠭᠠᠷ ᠠᠵᠢᠯᠯᠠᠬᠤ ᠠᠮᠠᠯᠠᠯᠳᠠ ᠬᠢᠪᠠ᠃ ᠠᠬᠢᠭᠤᠯᠬᠤ | ᠬᠤᠷᠠᠯ ᠬᠤᠷᠠᠯᠳᠤᠭᠤᠯᠵᠤ᠂ ᠮᠡᠳᠡᠯᠭᠡ ᠶᠢᠨ ᠦᠮᠴᠢᠯᠡᠯ ᠤᠨ ᠡᠷᠬᠡ ᠶᠢᠨ ᠦᠢᠯᠡᠴᠢᠯᠡᠭᠡᠨ ᠤ ᠠᠵᠤ ᠦᠢᠯᠡᠰ ᠤᠨ | ᠬᠦᠭᠵᠢᠯᠳᠠ ᠶᠢ ᠲᠦᠷᠢᠮᠵᠢᠬᠦᠯᠤᠨ᠂ ᠬᠠᠮᠢᠶ᠎ᠠ ᠪᠦᠬᠦᠢ ᠲᠤᠭᠳᠠᠭᠠᠯ ᠪᠠ ᠵᠢᠱᠢᠶᠡᠴᠢ ᠬᠡᠷᠡᠭ ᠢ ᠵᠤᠬᠢᠶᠠᠨ ᠪᠠᠶᠢᠭᠤᠯᠤᠨ | ᠰᠤᠷᠤᠯᠴᠠᠭᠤᠯᠪᠠ᠃ | ᠰᠠᠯᠠᠭ᠎ᠠ ᠮᠦᠴᠢᠷ ᠤᠨ ᠬᠠᠮᠳᠤᠷᠠᠯᠴᠠᠭ᠎ᠠ ᠪᠠᠨ ᠬᠦᠨᠵᠡᠭᠡᠶᠢᠷᠡᠬᠦᠯᠵᠤ᠂ ᠬᠢᠩᠭᠠᠨ ᠠᠶᠢᠮᠠᠭ ᠤᠨ ᠠᠵᠤ | ᠦᠢᠯᠡᠳᠪᠤᠷᠢ ᠶᠢᠨ ᠬᠤᠳᠠᠯᠳᠤᠭᠠᠨ ᠤ ᠬᠤᠯᠪᠤᠭ᠎ᠠ᠂ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠲᠠᠢ ᠬᠠᠮᠳᠤ | ᠮᠡᠳᠡᠯᠭᠡ ᠶᠢᠨ ᠦᠮᠴᠢᠯᠡᠯ ᠤᠨ ᠡᠷᠬᠡ ᠶᠢ ᠬᠠᠮᠠᠭᠠᠯᠠᠬᠤ ᠬᠠᠮᠳᠤᠷᠠᠯᠴᠠᠭᠠᠨ ᠤ ᠭᠡᠷ᠎ᠠ ᠲᠤᠭᠳᠠᠭᠰᠠᠨ ᠤ ᠬᠠᠮᠳᠤ | ᠬᠠᠷᠢᠯᠴᠠᠬᠤ ᠦᠷᠳᠡᠭᠡ ᠪᠠᠶᠢᠭᠤᠯᠵᠤ᠂ ᠬᠠᠥᠯᠢ ᠬᠡᠷᠡᠭᠵᠢᠬᠦᠯᠤᠨ ᠬᠠᠷᠢᠯᠴᠠᠨ ᠬᠠᠪᠰᠤᠷᠤᠯᠴᠠᠬᠤ᠂ ᠰᠤᠷᠠᠭ ᠵᠠᠩᠬᠢ | ᠬᠠᠷᠢᠯᠴᠠᠨ ᠨᠡᠪᠳᠡᠷᠡᠯᠴᠡᠬᠦ ᠶᠢ ᠪᠡᠶᠡᠯᠡᠬᠦᠯᠵᠠᠢ᠃ | ᠡᠶᠡᠳᠠᠬᠦᠯᠬᠦ ᠲᠤᠭᠳᠠᠴᠠ ᠪᠠᠨ ᠰᠢᠨᠡᠳᠭᠡᠨ᠂ ᠬᠠᠥᠯᠢ ᠴᠠᠭᠠᠵᠠ ᠶᠢᠨ ᠵᠤᠯᠭᠠᠯᠳᠠ ᠪᠠᠨ ᠲᠡᠬᠦᠯᠳᠡᠷᠵᠢᠬᠦᠯᠪᠠ᠃ | ᠬᠢᠩᠭᠠᠨ ᠠᠶᠢᠮᠠᠭ ᠤᠨ ᠮᠡᠳᠡᠯᠭᠡ ᠶᠢᠨ ᠦᠮᠴᠢᠯᠡᠯ ᠤᠨ ᠡᠷᠬᠡ ᠶᠢᠨ ᠵᠢᠭᠤᠷᠠᠯᠳᠤᠭᠠᠨ ᠢ ᠡᠶᠡᠳᠡᠬᠦᠯᠬᠦ ᠵᠦᠪᠯᠡᠯ ᠤᠨ 13 | ᠭᠡᠰᠢᠬᠦᠨ ᠪᠦᠬᠦ ᠤᠯᠤᠰ ᠤᠨ ᠠᠷᠠᠳ ᠤᠨ ᠰᠢᠬᠦᠬᠦ ᠬᠤᠷᠢᠶ᠎ᠠ ᠶᠢᠨ ᠮᠡᠳᠡᠯᠭᠡ ᠶᠢᠨ ᠦᠮᠴᠢᠯᠡᠯ ᠤᠨ ᠡᠷᠬᠡ ᠶᠢᠨ | ᠵᠢᠭᠤᠷᠠᠯᠳᠤᠭᠠᠨ ᠢ ᠡᠶᠡᠳᠡᠬᠦᠯᠬᠦ ᠲᠠᠪᠴᠠᠩ ᠳᠤ ᠮᠡᠷᠭᠡᠵᠢᠯ ᠤᠨ ᠲᠡᠮᠵᠢᠯᠭᠡ ᠬᠠᠩᠭᠠᠵᠤ ᠪᠤᠢ᠃ ᠬᠢᠩᠭᠠᠨ ᠠᠶᠢᠮᠠᠭ ᠤᠨ | ᠵᠠᠬ᠎ᠠ ᠲᠡᠯᠬᠡᠬᠦᠷ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ᠂ ᠰᠤᠨᠢᠨ ᠮᠡᠳᠡᠭᠡ ᠬᠡᠪᠯᠡᠯ ᠷᠠᠳᠢᠣ᠋ ᠲᠤᠯᠸᠢᠰ | ᠲᠤᠪᠴᠢᠶ᠎ᠠ ᠪᠠ ᠤᠯᠠᠭᠠᠨᠬᠤᠳᠠ ᠶᠢᠨ ᠠᠷᠠᠳ ᠤᠨ ᠰᠢᠬᠦᠬᠦ ᠬᠤᠷᠢᠶ᠎ᠠ ᠲᠠᠢ ᠬᠠᠮᠳᠤ ᠬᠠᠮᠢᠶ᠎ᠠ ᠪᠦᠬᠦᠢ ᠭᠡᠷ᠎ᠠ ᠲᠤᠭᠳᠠᠵᠤ᠂ | ︽ᠵᠠᠰᠠᠭ ᠤᠨ ᠤᠷᠳᠤᠨ + ᠬᠠᠥᠯᠢ ᠴᠠᠭᠠᠵᠠ︾ ᠶᠢᠨ ᠪᠦᠬᠦ ᠬᠡᠯᠬᠢᠶᠡᠨ ᠤ ᠬᠠᠮᠠᠭᠠᠯᠠᠯᠳᠠ ᠶᠢᠨ ᠰᠢᠰᠲ᠋ᠧᠮ ᠢ | ᠪᠠᠶᠢᠭᠤᠯᠤᠭᠰᠠᠨ ᠪᠠᠶᠢᠨ᠎ᠠ᠃ · ᠴᠤᠯᠮᠤᠨ ᠪᠥᠸᠧ ᠢᠥᠢ · | |