ᠲᠠᠪᠤᠨ ᠮᠢᠨᠦ᠋ᠲ ᠠᠮᠠᠷᠠᠬᠤ ᠳᠤ ᠴᠢᠯᠡᠭᠡ ᠲᠠᠶᠢᠯᠤᠬᠳᠠᠵᠦ ᠠᠩᠬᠠᠷᠤᠯ ᠨᠡᠩ ᠲᠦᠪᠯᠡᠷᠡᠳᠡᠭ
ᠨᠡᠶᠢᠲᠡᠯᠡᠭᠰᠡᠨ ᠴᠠᠭ᠄
2025/5/27
      ᠠᠦ᠋ᠰᠲᠷᠡᠯᠢᠶ᠎ᠠ ᠶᠢᠨ ᠰᠢᠳ᠋ᠨᠢ ᠶᠡᠭᠡ ᠰᠤᠷᠭᠠᠭᠤᠯᠢ ᠶᠢᠨ ᠰᠤᠷᠭᠠᠨ ᠬᠥᠮᠦᠵᠢᠯ ᠤᠨ ᠰᠡᠳᠭᠢᠴᠡ ᠶᠢᠨ ᠤᠬᠠᠭᠠᠨᠲᠠᠨ ᠨᠠᠷ 5 ᠮᠢᠨᠦ᠋ᠲ ᠯᠠ ᠠᠮᠠᠷᠠᠬᠤ ᠳᠤ ᠠᠩᠬᠠᠷᠤᠯ ᠲᠦᠪᠯᠡᠷᠡᠵᠤ ᠴᠢᠯᠡᠭᠡ ᠲᠠᠶᠢᠯᠦᠭᠳᠡᠨ᠎ᠠ ᠭᠡᠳᠡᠭ ᠢ ᠳᠤᠷᠰᠢᠯᠳᠠ ᠪᠠᠷ ᠣᠯᠵᠤ ᠮᠡᠳᠡᠵᠡᠢ᠃      ︽ᠰᠤᠷᠭᠠᠨ ᠬᠥᠮᠦᠵᠢᠯ ᠪᠣᠯᠤᠨ ᠬᠥᠭᠵᠢᠯᠲᠡ ᠶᠢᠨ ᠰᠡᠳᠭᠢᠴᠡ ᠶᠢᠨ ᠤᠬᠠᠭᠠᠨᠲᠠᠨ︾ ᠰᠡᠳᠬᠦᠯ ᠳᠡᠭᠡᠷ᠎ᠡ ᠨᠡᠶᠢᠲᠡᠯᠡᠭᠳᠡᠭᠰᠡᠨ ᠡᠨᠡᠬᠦ ᠰᠤᠳᠤᠯᠭᠠᠨ ᠤ ᠦᠷ᠎ᠡ ᠪᠦᠲᠦᠭᠡᠯ ᠠᠴᠠ ᠦᠵᠡᠬᠦ ᠳᠤ᠂ ᠣᠬᠤᠷ ᠬᠤᠭᠤᠴᠠᠭ᠎ᠠ ᠠᠮᠠᠷᠠᠬᠤ ᠨᠢ ᠮᠠᠰᠢ ᠴᠢᠬᠤᠯᠠ᠂ ᠲᠡᠷᠡ ᠨᠢ ᠰᠤᠷᠤᠭᠴᠢᠳ ᠢ ᠨᠡᠩ ᠰᠠᠶᠢᠨ ᠠᠩᠬᠠᠷᠤᠯ ᠢᠶᠠᠨ ᠲᠥᠪᠯᠡᠷᠡᠭᠦᠯᠵᠦ᠂ ᠨᠡᠩ ᠪᠦᠲᠦᠮᠵᠢᠲᠡᠢ ᠰᠤᠷᠤᠯᠴᠠᠭᠤᠯᠵᠤ ᠴᠢᠳᠠᠬᠤ ᠪᠤᠯᠤᠨ᠎ᠠ᠃ ᠡᠨᠡᠬᠦ ᠠᠷᠭ᠎ᠠ ᠶᠢ ᠪᠠᠰᠠ ᠨᠢᠭᠡ ᠵᠦᠢᠯ ᠤᠨ ᠰᠢᠨ᠎ᠡ ᠮᠡᠷᠭᠡᠵᠢᠯ ᠢ ᠰᠤᠷᠤᠯᠴᠠᠬᠤ ᠪᠤᠶᠤ ᠨᠢᠭᠡ ᠵᠦᠢᠯ ᠤᠨ ᠪᠤᠳᠤᠯᠢᠶᠠᠨᠲᠠᠢ ᠠᠵᠢᠯ ᠶᠠᠪᠤᠳᠠᠯ ᠳᠤ ᠠᠩᠬᠠᠷᠤᠯ ᠢᠶᠠᠨ ᠲᠥᠪᠯᠡᠷᠡᠭᠦᠯᠳᠡᠭ ᠠᠵᠢᠯᠴᠢᠨ ᠨᠠᠷ ᠲᠤ ᠬᠡᠷᠡᠭᠯᠡᠬᠦᠯᠵᠤ ᠪᠣᠯᠬᠤ ᠶᠤᠮ᠃      ᠡᠨᠠᠭᠦ ᠰᠣᠲᠣᠯᠭᠠᠨ ᠤ ᠳᠣᠮᠲᠠ ᠠᠦ᠋ᠰᠲᠷᠠᠯᠢᠶ᠎ᠡ ᠶᠢᠨ 72 ᠤᠶᠤᠲᠠᠨ ᠣᠷᠢᠳ ᠢᠶᠠᠷ ᠬᠤᠷᠳᠤᠨ ᠬᠡᠮᠵᠢᠨ ᠪᠤᠳᠤᠬᠤ ᠨᠦᠭᠦᠴᠠᠯ ᠳᠣᠣᠷ᠎ᠠ ᠨᠢᠭᠡ ᠲᠦᠷᠤᠯ ᠤᠨ ᠬᠦᠴᠢᠷ ᠪᠦᠬᠦᠢ ᠰᠡᠳᠬᠢᠯᠴᠢᠯᠡᠨ ᠪᠤᠳᠤᠬᠤ ᠳᠤᠷᠰᠢᠯᠳᠠ ᠶᠢ ᠪᠠᠶᠠᠯᠡᠬᠦᠯᠵᠤ᠂ ᠲᠡᠳᠡ ᠨᠠᠷ ᠤᠨ ᠠᠩᠬᠠᠷᠣᠯ ᠢ ᠴᠢᠨᠡᠭᠡ ᠮᠡᠳᠡᠨ ᠲᠡᠳᠡᠵᠤ᠂ ᠳᠦᠢᠯ ᠳᠤᠨᠢ ᠬᠦᠷᠬᠡᠨ᠎ᠠ᠃ ᠡᠨᠡ ᠬᠡᠰᠡᠭ ᠤᠨ ᠲᠤᠷᠰᠢᠯᠲᠠ ᠨᠢ ᠪᠠᠷᠤᠭ 20 ᠮᠢᠨᠦ᠋ᠲ ᠣᠷᠴᠢᠮ ᠦᠷᠭᠦᠯᠵᠢᠯᠡᠨ᠎ᠡ᠃ ᠲᠡᠬᠡᠪᠡᠯ ᠬᠠᠷᠭᠤᠭᠤᠯᠬᠤ ᠳᠤᠭᠤᠶᠢᠯᠠᠩ ︵ᠠᠮᠠᠷᠠᠬᠤ ᠦᠭᠡᠢ︶ ᠤᠨ ᠰᠤᠷᠤᠭᠴᠢᠳ ᠬᠤᠶᠠᠷ ᠬᠤᠶᠠᠷ ᠣᠷᠣᠨᠳᠤ ᠲᠤᠭ᠎ᠠ ᠶᠢ ᠬᠡᠷᠬᠢᠨ ᠦᠷᠡᠵᠢᠬᠦᠯᠬᠦ ᠳᠤᠬᠠᠢ ᠬᠢᠴᠢᠶᠠᠯ ᠤᠨ ᠠᠭᠤᠯᠭ᠎ᠠ ᠶᠢ ᠦᠷᠬᠦᠯᠵᠢᠯᠠᠨ ᠰᠤᠷᠤᠯᠴᠠᠪᠠ᠃ ᠬᠤᠶᠠᠳᠤᠭᠠᠷ ᠳᠤᠭᠤᠢᠢᠯᠠᠩ ︵ᠳᠤᠷ᠎ᠠ ᠪᠠᠷ ᠢᠶᠠᠨ ᠠᠮᠠᠷᠠᠬᠤ ᠳᠤᠭᠤᠶᠢᠯᠠᠩ︶ ᠤᠨ ᠰᠤᠷᠤᠭᠴᠢᠳ 5 ᠮᠢᠨᠦ᠋ᠲ ᠳᠤᠷ᠎ᠠ ᠪᠠᠷ ᠢᠶᠠᠨ ᠠᠮᠠᠷᠠᠵᠠᠢ᠂ ᠲᠡᠳᠡ ᠺᠣᠮᠫᠢᠦ᠋ᠲ᠋ᠧᠷ ᠤᠨ ᠳᠡᠯᠭᠡᠴᠠᠡ ᠳᠡᠭᠡᠷᠡᠬᠢ ᠠᠮᠠᠷᠠᠬᠤ ᠴᠠᠭ ᠨᠢ ᠬᠡᠳᠤᠨ ᠮᠢᠨᠦ᠋ᠲ ᠦᠯᠡᠳᠡᠵᠤ ᠪᠠᠶᠢᠬᠤ ᠶᠢ ᠳᠤᠭᠠᠯᠠᠵᠤ ᠰᠠᠭᠤᠬᠰᠠᠠ ᠪᠠᠶᠢᠨ᠎ᠠ᠃ ᠭᠤᠷᠪᠠᠳᠤᠭᠠᠷ ᠳᠤᠭᠤᠢᠢᠯᠠᠩ ︵ᠪᠠᠶᠢᠭᠠᠯᠢ ᠳᠤ ᠰᠠᠭᠤᠷᠢᠯᠠᠭᠰᠠᠠ ᠠᠮᠠᠷᠠᠬᠤ ᠳᠤᠭᠤᠶᠢᠯᠠᠩ︶ ᠤᠨ ᠰᠤᠷᠤᠭᠴᠢᠳ ᠲᠠᠪᠤᠨ ᠮᠢᠨᠦ᠋ᠲ ᠠᠦ᠋ᠰᠲᠷᠠᠯᠢᠶ᠎ᠠ ᠶᠢᠨ ᠬᠠᠯᠠᠭᠤᠨ ᠪᠥᠰᠡ ᠶᠢᠨ ᠪᠣᠷᠣᠭᠠᠨᠲᠤ ᠣᠢ ᠪᠠᠷ ᠳᠤᠭᠤᠷᠢᠬᠰᠠᠠ ᠸᠢᠳᠢᠤ᠋ ᠰᠤᠨᠢᠷᠬᠠᠵᠠᠢ᠃ ᠳᠤᠰ ᠰᠤᠳᠤᠯᠭᠠᠨ ᠳᠤ ᠡᠨᠡ ᠨᠢ ᠨᠢᠭᠡᠨ ᠵᠦᠢᠯ ᠤᠨ ︿ᠪᠠᠶᠢᠭᠠᠯᠢ ᠳᠤ ᠰᠠᠭᠤᠷᠢᠯᠠᠭᠰᠠᠨ﹀ ᠠᠮᠠᠷᠠᠬᠤ ᠠᠷᠭ᠎ᠠ ᠪᠠᠶᠢᠵᠤ᠂ ᠰᠡᠳᠬᠢᠯ ᠠᠮᠤᠷ ᠸᠢᠳᠢᠤ᠋ ᠰᠤᠨᠢᠷᠬᠠᠭᠰᠠᠠ ᠶᠠᠪᠤᠳᠠᠯ ᠲᠠᠳᠤᠢ᠃      ᠳᠠᠷᠠᠭ᠎ᠠ ᠨᠢ ᠪᠣᠶ ᠪᠥᠬᠦᠶ ᠰᠤᠷᠤᠭᠴᠢᠳ ᠨᠢᠭᠡ ᠵᠦᠢᠯ ᠤᠨ ︽ᠳᠤᠭᠳᠠᠮᠠᠯ ᠴᠢᠨᠠᠷ ᠪᠦᠬᠦᠢ ᠠᠩᠬᠠᠷᠤᠯ ᠤᠨ ᠴᠢᠳᠠᠪᠤᠷᠢ︾ ᠶᠢᠨ ᠲᠥᠬᠦᠮ ᠪᠠᠶᠢᠴᠠᠭᠠᠯᠲᠠ ᠶᠢ ᠪᠡᠶᠡᠯᠡᠭᠦᠯᠵᠦ᠂ ᠲᠡᠳᠡᠨ ᠤ ᠰᠡᠳᠬᠢᠯᠴᠢᠯᠠᠨ ᠪᠤᠳᠤᠬᠤ ᠬᠢᠴᠢᠶᠠᠯ ᠲᠡᠬᠡᠷᠡᠬᠢ ᠠᠩᠬᠠᠷᠤᠯ ᠢ ᠨᠢ ᠲᠦᠪᠯᠡᠷᠡᠬᠦᠯᠬᠦ ᠦᠬᠡᠢ ᠪᠠᠶᠢᠬᠤ ᠪᠤᠳᠤᠯ ᠤᠨ ᠬᠡᠮᠵᠢᠶ᠎ᠠ ᠶᠢ ᠰᠢᠨᠵᠢᠯᠡᠨ ᠪᠠᠶᠢᠴᠠᠭᠠᠬᠤ ᠶᠢᠨ ᠳᠤᠰᠠᠳᠠ ᠤᠯᠠᠨ ᠠᠰᠠᠭᠤᠯᠳᠠ ᠠᠰᠠᠭᠤᠵᠠᠢ᠃ ᠵᠢᠱᠢᠶᠠᠯᠡᠪᠡᠯ᠂ ︽ᠠᠩᠬᠠᠷᠤᠯ ᠢᠶᠠᠨ ᠬᠢᠴᠢᠶᠡᠯ ᠤᠨ ᠭᠠᠳᠠᠨᠠᠬᠢ ᠬᠡᠷᠡᠭ ᠶᠠᠪᠤᠳᠠᠯ ᠲᠡᠬᠡᠷ᠎ᠠ ᠲᠦᠪᠯᠡᠷᠡᠬᠦᠯᠬᠦ︾᠂ ︽ᠪᠢ ᠥᠪᠡᠷ ᠢ ᠪᠠᠨ ᠨᠡᠯᠢᠶᠡᠳ ᠣᠷᠳᠣ ᠬᠤᠭᠤᠴᠠᠭᠠᠨ ᠳᠤ ᠠᠩᠬᠠᠷᠤᠯ ᠢᠶᠠᠨ ᠲᠦᠪᠯᠡᠷᠡᠬᠦᠯᠬᠦ ᠶᠢ ᠪᠠᠲᠤᠯᠠᠬᠤ ᠳᠤ ᠬᠦᠴᠢᠷ ᠪᠠᠶᠢᠬᠤ︾ ᠵᠡᠷᠭᠡ ᠠᠰᠠᠭᠤᠳᠠᠯ ᠳᠤᠨᠢ ᠬᠠᠷᠢᠭᠤᠯᠲᠠ ᠥᠭᠪᠡ᠃ ᠬᠠᠮᠤᠭ ᠤᠨ ᠰᠡᠭᠦᠯ ᠳᠤ ᠰᠤᠷᠤᠭᠴᠢᠳ 20 ᠠᠰᠠᠭᠤᠳᠠᠯ ᠢ ᠪᠠᠭᠲᠠᠭᠠᠭᠰᠠᠨ ᠨᠢᠭᠡ ᠵᠦᠢᠯ ᠤᠨ ᠠᠰᠠᠭᠤᠳᠠᠯ ᠢ ᠰᠶᠢᠳᠪᠦᠷᠢᠯᠡᠬᠦ ᠲᠤᠷᠰᠢᠯᠲᠠ ᠶᠢ ᠪᠡᠶᠡᠯᠡᠭᠦᠯᠵᠦ᠂ ᠲᠡᠳᠡᠨ ᠤ ᠰᠡᠳᠬᠢᠯᠴᠢᠯᠠᠨ ᠪᠤᠳᠤᠬᠤ ᠠᠷᠭ᠎ᠠ ᠶᠢ ᠨᠠᠩ ᠰᠠᠶᠢᠲᠤᠷ ᠬᠡᠷᠡᠭᠯᠡᠵᠦ ᠴᠢᠳᠠᠬᠤ ᠡᠰᠡᠬᠦ ᠶᠢ ᠰᠢᠨᠵᠢᠯᠡᠨ ᠪᠠᠶᠢᠴᠠᠭᠠᠪᠠ᠃      ᠭᠤᠷᠪᠠᠨ ᠳᠤᠭᠤᠶᠢᠯᠠᠩ ᠤᠨ ᠰᠤᠷᠤᠭᠴᠢᠳ ᠤᠨ ᠦᠷ᠎ᠡ ᠳ᠋ᠦᠩ ᠢ ᠬᠠᠷᠢᠴᠠᠭᠤᠯᠪᠠᠯ᠂ ᠠᠮᠠᠷᠠᠬᠰᠠᠠ ᠳᠤᠭᠤᠶᠢᠯᠠᠩ ︵ᠬᠤᠶᠠᠷ ᠭᠤᠷᠪᠠᠳᠤᠭᠠᠷ ᠳᠤᠭᠤᠶᠢᠯᠠᠩ︶ ᠤᠨ ᠰᠤᠷᠤᠭᠴᠢᠳ ᠤᠨ ᠳᠤᠮᠳᠠᠴᠢ ᠳᠤᠭᠳᠠᠮᠠᠯ ᠠᠩᠬᠠᠷᠤᠯ ᠤᠨ ᠬᠢᠷᠢ ᠬᠡᠮᠵᠢᠶ᠎ᠡ ᠨᠢ ᠠᠮᠠᠷᠠᠬᠰᠠᠠ ᠦᠭᠡᠢ ᠬᠠᠷᠭᠤᠭᠤᠯᠬᠤ ᠳᠤᠭᠤᠶᠢᠯᠠᠩ ᠠᠴᠠ ᠥᠨᠳᠥᠷ ᠪᠠᠶᠢᠬᠤ ᠶᠢ ᠤᠯᠵᠤ ᠮᠡᠳᠡᠪᠡ᠃ ᠠᠰᠠᠭᠤᠳᠠᠯ ᠢ ᠰᠶᠢᠳᠪᠦᠷᠢᠯᠡᠬᠦ ᠪᠠᠶᠢᠴᠠᠭᠠᠯᠲᠠ ᠬᠢᠬᠦ ᠳᠤᠮᠳᠠ ᠳᠤᠷ᠎ᠠ ᠪᠠᠷ ᠢᠶᠠᠨ ᠠᠮᠠᠷᠠᠬᠰᠠᠠ ᠳᠤᠭᠤᠢᠢᠯᠠᠩ ᠪᠣᠯᠣᠨ ᠪᠠᠶᠢᠭᠠᠯᠢ ᠳᠤ ᠰᠠᠭᠤᠷᠢᠯᠠᠵᠤ ᠠᠮᠠᠷᠠᠬᠰᠠᠠ ᠳᠤᠭᠤᠢᠢᠯᠠᠩ ᠤᠨ ᠢᠯᠡᠷᠡᠯ ᠨᠢ ᠪᠦᠷ ᠬᠠᠷᠭᠤᠭᠤᠯᠬᠤ ᠳᠤᠭᠤᠢᠢᠯᠠᠩ ᠠᠴᠠ ᠰᠠᠶᠢᠨ ᠪᠠᠶᠢᠪᠠ᠃ ᠬᠡᠳᠦ᠋ᠢᠪᠡᠷ ︽ᠪᠠᠶᠢᠭᠠᠯᠢ ᠳᠤ ᠰᠠᠭᠤᠷᠢᠯᠠᠵᠤ︾ ᠠᠮᠠᠷᠠᠬᠰᠠᠠ ᠳᠤᠭᠤᠢᠢᠯᠠᠩ ᠳᠤᠮᠳᠠᠴᠢ ᠪᠠᠷ ᠳᠤᠷ᠎ᠠ ᠪᠠᠷ ᠢᠶᠠᠨ ᠠᠮᠠᠷᠠᠬᠰᠠᠠ ᠳᠤᠭᠤᠢᠢᠯᠠᠩ ᠠᠴᠠ ᠨᠠᠩ ᠣᠯᠠᠨ ᠠᠰᠠᠭᠤᠳᠠᠯ ︵60% ᠨᠢ 53% ︶ ᠢ ᠰᠶᠢᠳᠪᠦᠷᠢᠯᠡᠭᠰᠡᠨ ᠪᠣᠯᠪᠠᠴᠤ ᠬᠤᠶᠠᠷ ᠳᠤᠭᠤᠢᠢᠯᠠᠩ ᠤᠨ ᠬᠤᠭᠤᠷᠣᠨᠳᠣᠬᠢ ᠵᠥᠷᠢᠶ᠎ᠡ ᠨᠢ ᠢᠯᠡᠳᠲᠡ ᠲᠤᠭ᠎ᠠ ᠪᠦᠷᠢᠳᠬᠡᠯ ᠤᠨ ᠤᠬᠠᠭᠠᠨ ᠤ ᠲᠠᠯ᠎ᠠ ᠪᠠᠷ ᠠᠴᠢ ᠬᠤᠯᠪᠣᠭᠳᠠᠯ ᠦᠭᠡᠢ ᠬᠡᠳᠡᠭ ᠢ ᠬᠠᠷᠠᠭᠤᠯᠤᠭᠰᠠᠠ ᠪᠠᠶᠢᠨ᠎ᠠ᠃ ︵︽ᠦᠪᠦᠷ ᠮᠤᠩᠭᠤᠯ ᠤᠨ ᠡᠳᠦᠷ ᠤᠨ ᠰᠤᠨᠢᠨ︾ ᠠᠴᠠ ᠰᠢᠯᠵᠢᠬᠦᠯᠪᠡ︶
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号