ᠭᠦᠵᠡᠯᠵᠡᠭᠡᠨ᠎ᠡ ᠶᠢ ᠢᠩᠭᠢᠵᠦ ᠤᠭᠢᠶᠠᠪᠠᠯ ᠰᠠᠶᠢᠨ
ᠨᠡᠶᠢᠲᠡᠯᠡᠭᠰᠡᠨ ᠴᠠᠭ᠄
2025/5/27
      ᠣᠯᠠᠩᠬᠢ ᠬᠥᠮᠥᠠ ᠪᠦᠷ ᠪᠤᠷᠤᠭᠤ ᠬᠢᠵᠦ ᠪᠠᠶᠢᠨ᠎ᠠ᠂ ᠭᠦᠵᠡᠯᠵᠡᠭᠡᠨ᠎ᠡ ᠢᠳᠡᠬᠦ ᠳᠤᠷᠠᠲᠠᠢ ᠬᠦᠮᠦᠰ ᠠᠩᠬᠠᠷᠤᠯ ᠢᠶᠠᠨ ᠬᠠᠨᠳᠤᠭᠤᠯᠤᠭᠠᠷᠠᠢ᠃      ᠭᠦᠵᠡᠯᠵᠡᠭᠡᠨ᠎ᠡ ᠢᠳᠡᠪᠡᠯ ᠶᠠᠮᠠᠷ ᠶᠠᠮᠠᠷ ᠰᠠᠶᠢᠨ ᠲᠠᠯ᠎ᠠ ᠪᠠᠶᠢᠬᠤ ᠪᠤᠢ︖ ᠭᠦᠵᠡᠯᠵᠡᠭᠡᠨ᠎ᠡ ᠨᠢ ᠡᠩ ᠤᠨ ᠵᠢᠮᠢᠰ ᠪᠢᠰᠢ ᠶᠤᠮ᠂ ᠲᠡᠭᠦᠨ ᠤ ᠰᠢᠮ᠎ᠡ ᠲᠡᠵᠢᠭᠡᠯ ᠨᠢ ᠵᠢᠮᠢᠰ ᠤᠳ ᠤᠨ ᠲᠤᠳᠤᠷ᠎ᠠ ᠵᠣᠬᠢᠬᠤ ᠪᠠᠶᠢᠷᠢ ᠰᠠᠭᠤᠷᠢ ᠶᠢ ᠡᠵᠡᠯᠡᠵᠦ ᠪᠠᠶᠢᠳᠠᠭ᠃ ᠲᠡᠷᠡ ᠨᠢ VC ᠶᠢᠨ ᠠᠭᠤᠯᠤᠭᠳᠠᠴᠠ ᠪᠠᠷ ᠦᠨᠳᠦᠷ᠂ ᠢᠯᠴᠢ ᠪᠠᠷ ᠪᠠᠭ᠎ᠠ ᠪᠠᠶᠢᠳᠠᠭ ᠪᠤᠯᠬᠤᠷ ᠬᠤᠷᠭᠤᠰᠤᠯᠠᠬᠤ ᠶᠢ ᠰᠡᠷᠭᠡᠶᠢᠯᠡᠳᠡᠭ᠂ ᠲᠡᠷᠡᠴᠢᠯᠡᠨ ᠭᠦᠵᠡᠯᠵᠡᠭᠡᠨ᠎ᠡ ᠶᠢᠨ ᠰᠢᠬᠢᠷ ᠤᠨ ᠠᠭᠤᠯᠤᠭᠳᠠᠴᠠ ᠪᠠᠭ᠎ᠠ ᠪᠤᠯᠬᠤᠷ ᠴᠢᠰᠤᠨ ᠤ ᠰᠢᠬᠢᠷ ᠢᠶᠠᠨ ᠬᠢᠵᠠᠭᠠᠷᠯᠠᠬᠤ ᠴᠢᠬᠤᠯᠠᠳᠠᠢ ᠬᠦᠮᠦᠰ ᠢᠳᠡᠬᠦ ᠳᠤ ᠲᠤᠬᠢᠷᠠᠨ᠎ᠠ᠃ ᠲᠡᠬᠡᠪᠡᠯ ᠭᠦᠵᠡᠯᠵᠡᠭᠡᠨ᠎ᠡ ᠶᠢ ᠶᠠᠭᠠᠬᠢᠵᠦ ᠴᠡᠪᠡᠷᠭᠡᠨ ᠤᠬᠢᠶᠠᠬᠤ ᠪᠤᠢ︖ ᠤᠷᠤᠰᠬᠠᠯ ᠤᠰᠤ ᠪᠤᠶᠤ ᠲᠦᠭᠡᠭᠡᠯ ᠤᠰᠤ ᠪᠠᠷ ᠤᠬᠢᠶᠠᠪᠠᠯ ᠲᠡᠭᠦᠨ ᠤ ᠲᠡᠬᠡᠷ᠎ᠠ ᠨᠠᠭᠠᠯᠳᠤᠬᠰᠠᠨ 19.8% -68.1% ᠶᠢᠨ ᠲᠠᠷᠢᠶᠠᠨ ᠡᠮ ᠤᠨ ᠦᠯᠡᠳᠡᠭᠳᠡᠯ ᠢ ᠠᠷᠢᠯᠭᠠᠵᠤ ᠲᠡᠶᠢᠯᠦᠨ᠎ᠡ᠂ ᠪᠠᠰᠠ ᠣᠽᠣᠨ ᠢᠶᠠᠷ ᠤᠬᠢᠶᠠᠪᠠᠯ 36.1% — 75.1% ᠶᠢᠨ ᠲᠠᠷᠢᠶᠠᠨ ᠡᠮ ᠤᠨ ᠦᠯᠡᠳᠡᠭᠳᠡᠯ ᠢ ᠠᠷᠢᠯᠭᠠᠵᠤ ᠲᠡᠶᠢᠯᠦᠨ᠎ᠡ᠂ ᠪᠠᠰᠠ ᠬᠡᠲᠦ ᠳᠠᠭᠤᠨ ᠳᠣᠯᠭᠢᠶᠠᠨ ᠢᠶᠠᠷ ᠲᠠᠷᠢᠶᠠᠨ ᠡᠮ ᠤᠨ ᠦᠯᠡᠳᠡᠭᠳᠡᠯ ᠢ ᠤᠬᠢᠶᠠᠨ ᠴᠡᠪᠡᠷᠯᠡᠪᠡᠯ ᠦᠷ᠎ᠡ ᠪᠦᠲᠦᠮᠵᠢ ᠪᠠᠷ ᠨᠠᠩ ᠰᠠᠶᠢᠨ ᠪᠠᠶᠢᠳᠠᠭ ᠪᠦᠭᠡᠳ 91.2% ᠤᠨ ᠲᠠᠷᠢᠶᠠᠨ ᠦᠯᠡᠳᠡᠭᠳᠡᠯ ᠢ ᠠᠷᠢᠯᠭᠠᠵᠤ ᠲᠡᠶᠢᠯᠦᠨ᠎ᠡ᠃ ᠭᠦᠵᠡᠯᠵᠡᠭᠡᠨ᠎ᠡ ᠶᠢ ᠤᠬᠢᠶᠠᠬᠤ ᠦᠶ᠎ᠡ ᠳᠤ ᠭᠦᠵᠡᠯᠵᠡᠭᠡᠨ᠎ᠡ ᠶᠢᠨ ᠨᠠᠪᠴᠢᠨ ᠣᠭ ᠢ ᠪᠢᠳᠡᠭᠡᠢ ᠠᠪᠴᠤ ᠬᠠᠶᠠᠭᠠᠷᠠᠢ᠃ ᠭᠦᠵᠡᠯᠵᠡᠭᠡᠨ᠎ᠡ ᠶᠢᠨ ᠨᠠᠪᠴᠢᠨ ᠣᠭ ᠢ ᠠᠪᠴᠤ ᠬᠠᠶᠠᠭᠰᠠᠨ ᠤ ᠳᠠᠷᠠᠭ᠎ᠠ ᠭᠦᠵᠡᠯᠵᠡᠭᠡᠨ᠎ᠡ ᠶᠢ ᠳᠡᠪᠲᠦᠭᠡᠬᠦ ᠳᠤ ᠬᠦᠷᠪᠡᠯ ᠲᠠᠷᠢᠶᠠᠨ ᠡᠮ ᠤᠨ ᠦᠯᠡᠳᠡᠭᠳᠡᠯ ᠨᠡᠩ ᠥᠨᠳᠥᠷ ᠪᠤᠯᠤᠨ᠎ᠠ᠂ ᠬᠠᠷᠢᠨ ᠭᠦᠵᠡᠯᠵᠡᠭᠡᠨ᠎ᠡ ᠶᠢᠨ ᠨᠠᠪᠴᠢᠨ ᠣᠭ ᠢ ᠠᠪᠴᠤ ᠬᠠᠶᠠᠬᠤ ᠦᠭᠡᠢ ᠪᠠᠷ ᠲᠡᠪᠳᠤᠬᠡᠪᠡᠯ ᠲᠠᠷᠢᠶᠠᠨ ᠡᠮ ᠤᠨ ᠦᠯᠡᠳᠡᠭᠳᠡᠯ ᠬᠠᠷᠢᠴᠠᠩᠭᠤᠢ ᠪᠠᠷ ᠪᠠᠭ᠎ᠠ ᠪᠠᠶᠢᠳᠠᠭ᠃ ᠭᠦᠵᠡᠯᠵᠡᠭᠡᠨ᠎ᠡ ᠶᠢᠨ ᠳᠣᠲᠣᠭᠠᠳᠤ ᠪᠦᠲᠦᠴᠡ ᠨᠢ ᠨᠡᠯᠢᠶᠡᠳ ᠲᠦᠬᠦᠮ ᠪᠠᠶᠢᠳᠠᠭ ᠪᠦᠭᠡᠳ ᠭᠦᠵᠡᠯᠵᠡᠭᠡᠨ᠎ᠡ ᠶᠢᠨ ᠨᠠᠪᠴᠢᠨ ᠣᠭ ᠢ ᠠᠪᠴᠤ ᠬᠠᠶᠠᠪᠠᠯ ︵ᠬᠡᠷᠴᠢᠬᠦ᠂ ᠭᠦᠵᠡᠯᠵᠡᠭᠡᠨ᠎ᠡ ᠶᠢᠨ ᠲᠤᠳᠤᠷᠠᠬᠢ ᠨᠢ ᠶᠠᠭ ᠯᠠ ᠠᠮᠠ ᠶᠢ ᠨᠢ ᠨᠡᠭᠡᠭᠡᠭᠰᠡᠨ ︽ᠰᠠᠪᠠ︾ ᠰᠢᠭ ᠪᠠᠶᠢᠳᠠᠭ ᠪᠤᠯᠬᠤᠷ ᠲᠡᠭᠦᠨ ᠤ ᠥᠩᠭᠡᠨ ᠲᠠᠯ᠎ᠠ ᠳᠤᠨᠢ ᠨᠠᠭᠠᠯᠳᠤᠬᠰᠠᠨ ᠶᠠᠭᠤᠮᠠᠰ ᠨᠢ ᠭᠦᠵᠡᠯᠵᠡᠭᠡᠨ᠎ᠡ ᠶᠢᠨ ᠲᠤᠳᠤᠷ᠎ᠠ ᠣᠷᠣᠳᠠᠭ᠂ ᠡᠶᠢᠮᠦ ᠠᠴᠠ ᠤᠬᠢᠶᠠᠬᠤ ᠲᠤᠳᠤᠮ ᠤᠯᠠᠮ ᠪᠤᠵᠠᠷ ᠪᠤᠯᠵᠤ ᠮᠠᠭᠠᠳ ᠦᠭᠡᠢ᠃ ᠶᠡᠷᠦ ᠶᠢᠨ ᠴᠠᠭ ᠲᠤ ᠭᠦᠵᠡᠯᠵᠡᠭᠡᠨ᠎ᠡ ᠶᠢ ᠤᠭᠢᠶᠠᠬᠤ ᠳᠤ ᠲᠦᠭᠡᠭᠡᠯ ᠤᠰᠤ ᠪᠠᠷ ᠤᠬᠢᠶᠠᠭᠰᠠᠨ ᠤ ᠳᠠᠷᠠᠭ᠎ᠠ ᠴᠡᠪᠡᠷ ᠤᠰᠤ᠂ ᠳᠠᠪᠤᠰᠤ ᠲᠠᠢ ᠤᠰᠤ ᠪᠤᠶᠤ ᠪᠤᠳᠠᠭ᠎ᠠ ᠤᠬᠢᠶᠠᠬᠰᠠᠨ ᠤᠰᠤ ᠪᠠᠷ 5 ᠮᠢᠨᠦ᠋ᠲ ᠳᠡᠪᠲᠦᠭᠡᠭᠡᠳ ᠳᠠᠬᠢᠨ ᠨᠢᠭᠡ ᠤᠳᠠᠭ᠎ᠠ ᠤᠰᠤ ᠪᠠᠷ ᠤᠬᠢᠶᠠᠪᠠᠯ ᠪᠤᠯᠴᠢᠬᠠᠨ᠎ᠠ᠃ ︵︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ ᠰᠢᠯᠵᠢᠬᠦᠯᠪᠡ︶
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号